ᠨᠠᠷᠠᠨ ᠵᠦᠭ ᠦᠨ ᠮᠣᠩᠭᠤᠯ崇尚太阳的蒙古人

 

ᠨᠠᠷᠠᠨ ᠵᠦᠭ ᠦᠨ ᠮᠣᠩᠭᠤᠯ

       ᠯ ᠠᠯᠲᠠᠨᠴᠡᠴᠡᠭ 
ᠳᠤᠷᠭᠠᠨ ᠳᠡᠷᠯᠢᠭ ᠦᠨ ᠢᠶᠡᠨ ᠡᠨᠭᠬᠡᠷ ᠢ ᠶᠢᠨ
ᠨᠠᠷᠠᠨ ᠵᠦᠭ ᠵᠦᠷᠢᠬᠦᠯᠵᠦ ᠡᠮᠦᠰᠳᠡᠭ
ᠳᠤᠷᠳᠤᠩ ᠱᠠᠨᠭᠬᠠᠢ ᠪᠦᠰᠡ ᠪᠡᠨ
ᠨᠠᠷᠠᠨ ᠵᠦᠭ ᠤᠷᠢᠶᠠᠵᠦ ᠴᠢᠨᠭᠭᠠᠯᠠᠳᠠᠭ
     ᠨᠠᠢ᠍ᠮᠠᠨ ᠵᠠᠭᠤᠨ ᠤ ᠳᠡᠦᠬᠡ ᠲᠡᠢ
      ᠨᠠᠷᠠᠨ ᠵᠦᠭ ᠦᠨ ᠮᠤᠨᠭᠭᠤᠯ ᠠ᠋
ᠡᠬᠡᠪᠦᠷ ᠳᠤᠯᠠᠭᠠᠨ ᠦᠷᠬᠦᠬᠡ ᠪᠡᠨ
ᠨᠠᠷᠠᠨ ᠵᠦᠭ ᠳᠦᠬᠦᠷᠢᠭᠯᠡᠬᠦᠯᠵᠦ ᠪᠠᠷᠢᠳᠠᠭ
ᠡᠷᠴᠢ ᠲᠡᠢ ᠬᠢᠯᠭᠠᠰᠤᠨ ᠤᠭᠤᠰᠤᠷ ᠢᠶᠠᠨ
ᠨᠠᠷᠠᠨ ᠵᠦᠭ ᠳᠡᠪᠢᠵᠦ ᠤᠶᠠᠳᠠᠭ
      ᠨᠠᠢ᠍ᠮᠠᠨ ᠵᠠᠭᠤᠨ ᠤ ᠳᠡᠦᠬᠡ ᠲᠡᠢ
      ᠨᠠᠷᠠᠨ ᠵᠦᠭ ᠦᠨ ᠮᠤᠨᠭᠭᠤᠯ ᠠ᠋ 
ᠪᠠᠳᠮᠠᠷᠠᠭ ᠳᠤᠭᠤᠢ ᠳᠤᠭᠤᠨᠤ ᠪᠠᠨ ᠤ
ᠨᠠᠷᠠᠨ ᠵᠦᠭ ᠬᠠᠨᠳᠤᠭᠤᠯᠵᠦ ᠡᠷᠬᠦᠳᠡᠭ
ᠪᠠᠨᠽᠠᠨ ᠮᠤᠳᠤᠨ ᠬᠠᠭᠠᠯᠭ᠎ᠠ ᠪᠠᠨ
ᠨᠠᠷᠠᠨ ᠵᠦᠭ ᠳᠠᠲᠠᠵᠦ ᠨᠡᠬᠡᠬᠡᠳᠡᠭ
     ᠨᠠᠢ᠍ᠮᠠᠨ ᠵᠠᠭᠤᠨ ᠤ ᠳᠡᠦᠬᠡ ᠲᠡᠢ
     ᠨᠠᠷᠠᠨ ᠵᠦᠭ ᠦᠨ ᠮᠤᠨᠭᠭᠤᠯ ᠠ᠋
ᠢᠬᠡᠷ᠎ᠡ ᠭᠤᠷᠪᠠᠨ ᠪᠦᠰᠡᠯᠡᠬᠦᠷ ᠢᠶᠡᠨ
ᠨᠠᠷᠠᠨ ᠵᠦᠭ ᠳᠡᠪᠡᠷᠢᠬᠦᠯᠵᠦ ᠵᠠᠨᠭᠬᠢᠳᠳᠠᠭ
ᠡᠬᠢᠨ ᠦ ᠭᠤᠷᠪᠠᠨ ᠳᠤᠭᠤᠷ᠎ᠠ ᠪᠠᠨ
ᠨᠠᠷᠠᠨ ᠵᠦᠭ ᠢᠳᠠᠮᠯᠠᠵᠦ ᠠᠮᠰᠠᠳᠠᠭ
     ᠨᠠᠢ᠍ᠮᠠᠨ ᠵᠠᠭᠤᠨ ᠤ ᠳᠡᠦᠬᠡ ᠲᠡᠢ
     ᠨᠠᠷᠠᠨ ᠵᠦᠭ ᠦᠨ ᠮᠤᠨᠭᠭᠤᠯ ᠠ᠋ 
ᠠᠷᠭᠠᠯ ᠤᠨ ᠴᠡᠨᠭᠬᠡᠷ ᠤᠲᠤᠭ᠎ᠠ ᠨᠢ
ᠨᠠᠷᠠᠨ ᠵᠦᠭ ᠬᠡᠬᠡᠯᠡᠨ ᠤᠭᠠᠯᠵᠠᠯᠠᠳᠠᠭ
ᠠᠷᠪᠠᠨ ᠲᠠᠨᠭᠰᠤᠭ ᠢᠳᠡᠬᠡ ᠪᠡᠨ
ᠨᠠᠷᠠᠨ ᠵᠦᠭ ᠳᠡᠬᠡᠵᠢᠯᠡᠨ ᠡᠷᠬᠦᠳᠡᠭ
      ᠨᠠᠢ᠍ᠮᠠᠨ ᠵᠠᠭᠤᠨ ᠤ ᠳᠡᠦᠬᠡ ᠲᠡᠢ
      ᠨᠠᠷᠠᠨ ᠵᠦᠭ ᠦᠨ ᠮᠤᠨᠭᠭᠤᠯ ᠠ᠋ 
ᠰᠦᠵᠢᠭ ᠲᠡᠢ ᠮᠦᠨᠭᠬᠡᠷᠡᠬᠦ ᠠᠭᠤᠯᠠᠰ ᠨᠢ
ᠨᠠᠷᠠᠨ ᠵᠦᠭ ᠰᠡᠬᠦᠢᠨ ᠰᠦᠨᠳᠡᠷᠯᠡᠳᠡᠭ
ᠴᠡᠨᠭᠬᠡᠷ ᠳᠡᠭᠷᠢ ᠨᠢ ᠡᠬᠦᠯᠡᠰ ᠢᠶᠡᠨ
ᠨᠠᠷᠠᠨ ᠵᠦᠭ ᠨᠡᠬᠦᠯᠬᠡᠵᠦ ᠴᠡᠯᠮᠡᠳᠡᠭ
      ᠨᠠᠢ᠍ᠮᠠᠨ ᠵᠠᠭᠤᠨ ᠤ ᠳᠡᠦᠬᠡ ᠲᠡᠢ
     ᠨᠠᠷᠠᠨ ᠵᠦᠭ ᠦᠨ ᠮᠤᠨᠭᠭᠤᠯ ᠠ᠋
ᠪᠤᠶᠠᠨ ᠬᠡᠰᠢᠭ ᠦᠨ ᠲᠠᠯᠠᠯᠭ᠎ᠠ ᠪᠠᠨ
ᠨᠠᠷᠠᠨ ᠵᠦᠭ ᠬᠤᠷᠤᠢᠯᠠᠨ ᠳᠠᠭᠤᠳᠠᠳᠠᠭ
ᠪᠤᠭᠤᠷᠤᠯ ᠬᠠᠢᠷᠬᠠᠨ ᠠᠭᠤᠯᠠ ᠪᠠᠨ
ᠨᠠᠷᠠᠨ ᠵᠦᠭ ᠭᠤᠷᠢᠶᠠᠯᠠᠨ ᠳᠦᠬᠦᠷᠢᠳᠡᠭ
     ᠨᠠᠢ᠍ᠮᠠᠨ ᠵᠠᠭᠤᠨ ᠤ ᠳᠡᠦᠬᠡ ᠲᠡᠢ
     ᠨᠠᠷᠠᠨ ᠵᠦᠭ ᠦᠨ ᠮᠤᠨᠭᠭᠤᠯ ᠠ᠋ 
ᠮᠠᠷᠭᠠᠰᠢ ᠮᠠᠨᠳᠤᠬᠤ ᠬᠡᠢᠮᠤᠷᠢ ᠶᠢᠨ ᠵᠦᠭ ᠢᠶᠡᠨ
ᠨᠠᠷᠠᠨ ᠵᠦᠭ ᠮᠤᠷᠳᠠᠵᠦ ᠭᠠᠷᠭᠠᠳᠠᠭ
ᠮᠡᠨᠳᠤ ᠶᠢᠨ ᠴᠡᠨᠭᠬᠡᠷ ᠳᠤᠷᠭᠠᠨ ᠬᠠᠳᠠᠭ ᠢᠶᠠᠨ
ᠨᠠᠷᠠᠨ ᠵᠦᠭ ᠳᠡᠬᠡᠳᠤᠯᠡᠨ ᠪᠠᠷᠢᠳᠠᠭ
     ᠨᠠᠢ᠍ᠮᠠᠨ ᠵᠠᠭᠤᠨ ᠤ ᠳᠡᠦᠬᠡ ᠲᠡᠢ
     ᠨᠠᠷᠠᠨ ᠵᠦᠭ ᠦᠨ ᠮᠤᠨᠭᠭᠤᠯ ᠠ᠋

 
 
 
Posted in ᠤᠷᠠᠨ ᠵᠤᠬᠢᠶᠠᠯ |作品赏析 and tagged .