ᠲᠦᠪᠡᠳ ᠬᠠᠰᠢ ᠶᠢ ᠲᠦᠭᠦᠭᠡᠢ ᠪᠡᠷ ᠢᠳᠡᠬᠦ ᠨᠢ ᠡᠷᠡᠭᠦᠯ ᠮᠡᠨᠳᠦ ᠶᠢ ᠨᠦᠯᠦᠭᠡᠯᠡᠨ᠎ᠡ ᠤ᠋ᠤ︖生吃西红柿对健康有害吗?

 
 

ᠲᠦᠪᠡᠳ ᠬᠠᠰᠢ ᠶᠢ ᠲᠦᠭᠦᠭᠡᠢ ᠪᠡᠷ ᠢᠳᠡᠬᠦ ᠨᠢ ᠡᠷᠡᠭᠦᠯ ᠮᠡᠨᠳᠦ ᠶᠢ ᠨᠦᠯᠦᠭᠡᠯᠡᠨ᠎ᠡ ᠤᠤ︖ ᠲᠦᠪᠡᠳ ᠬᠠᠰᠢ 6 ᠲᠦᠷᠦᠯ ᠦᠨ ᠡᠪᠡᠳᠴᠢᠨ ᠰᠡᠷᠭᠡᠢᠯᠡᠨ᠎ᠡ

ᠵᠠᠷᠢᠮ ᠮᠡᠳᠡᠭᠡᠯᠡᠯ ᠳ᠋ᠤ ᠬᠡᠯᠡᠬᠦ ᠳ᠋ᠡᠭᠡᠨ ᠂ ᠠᠮᠧᠷᠢᠺᠡ ᠶᠢᠨ ᠰᠢᠨᠵᠢᠯᠡᠬᠦ ᠤᠬᠠᠭᠠᠨᠳᠠᠨ ᠤᠷᠳᠦ ᠬᠤᠭᠤᠴᠠᠭ᠎ᠠ ᠰᠤᠳᠤᠯᠬᠤ  ᠪᠡᠷ ᠲᠠᠮᠵᠢᠨ ᠂ ᠨᠢᠭᠡ ᠪᠦᠯᠦᠭ ᠦᠷᠭᠦᠯᠵᠢ ᠢᠳᠡᠳᠡᠭ ᠨᠤᠭᠤᠭ᠎ᠠ ( ᠲᠦᠪᠡᠳ ᠬᠠᠰᠢ ᠂ ᠬᠠᠰᠢ ᠵᠡᠷᠭᠡ) ᠳ᠋ᠤ ᠠᠳᠠᠯᠢ ᠪᠤᠰᠦ ᠬᠡᠮᠵᠢᠶᠡᠨ  ᠤ ᠨᠢᠭᠦᠲ᠋ᠢᠨ ᠠᠭᠤᠯᠤᠭᠳᠠᠵᠦ ᠪᠤᠢ ᠂ ᠡᠳᠡᠭᠡᠷ ᠨᠤᠭᠤᠭ᠎ᠠ ᠶᠢ ᠲᠦᠭᠦᠭᠡᠢ ᠪᠡᠷ ᠢᠳᠡᠪᠡᠯ ᠬᠦᠮᠦᠨ  ᠤ ᠪᠡᠶ᠎ᠡ ᠳ᠋ᠤ ᠤᠷᠤᠭᠰᠠᠨ  ᠤ ᠰᠡᠭᠦᠯᠡᠷ ᠨᠢᠭᠦᠲ᠋ᠢᠨ ᠦ ᠬᠡᠮᠵᠢᠶ᠎ᠡ ᠨᠢ ᠤᠯᠠᠮ ᠨᠡᠮᠡᠭᠳᠡᠵᠦ ᠂ ᠬᠦᠮᠦᠰ ᠦᠨ ᠡᠷᠡᠬᠦᠯ ᠮᠡᠨᠳᠦ ᠶᠢ ᠨᠦᠯᠦᠭᠡᠯᠡᠬᠦ ᠬᠡᠮᠵᠢᠶ᠎ᠡ  ᠨᠢ ᠲᠡᠮᠡᠬᠢᠨ ᠤᠳᠤᠭᠠᠨ ᠳ᠋ᠤ ᠤᠳᠤᠭᠳᠠᠭᠰᠠᠨ ᠲᠠᠢ ᠠᠳᠠᠯᠢ ᠭᠡᠵᠦ ᠮᠡᠳᠡᠭᠡᠯᠡᠭᠡᠳ ᠂ ᠬᠦᠮᠦᠰ ᠢ ᠶᠡᠬᠡᠬᠡᠨ ᠰᠤᠴᠢᠭᠠᠵᠠᠢ ᠃ ᠲᠦᠪᠡᠳ ᠬᠠᠰᠢ ᠳ᠋ᠤ ᠨᠡᠭᠡᠷᠡᠨ ᠨᠢᠭᠦᠲ᠋ᠢᠨ ᠠᠭᠤᠯᠤᠭᠳᠠᠵᠦ ᠪᠠᠢᠨ᠎ᠡ ︖

ᠲᠠᠷᠢᠶᠠᠴᠢᠳ ᠲᠦᠪᠡᠳ ᠬᠠᠰᠢ ᠲᠠᠷᠢᠬᠤ ᠳ᠋ᠠᠭᠠᠨ᠂ ᠬᠦᠨᠦᠭᠡᠯᠲᠦ ᠬᠤᠷᠤᠬᠠᠢ ᠶᠢ ᠦᠯᠳᠡᠬᠦ  ᠶᠢᠨ ᠲᠦᠯᠦᠭᠡ ᠂ ᠨᠠᠪᠴᠢᠨ ᠲᠡᠮᠡᠬᠢ ᠪᠡᠷ ᠲᠦᠪᠡᠳ ᠬᠠᠰᠢ ᠶᠢᠨ ᠦᠨᠳᠦᠰᠦ ᠡᠰᠢ ᠶᠢ ᠪᠦᠳᠡᠭᠡᠵᠦ ᠂ ᠡᠳᠦᠷ ᠤᠳᠠᠬᠤ ᠶᠢᠨ ᠤᠯᠠᠮ ᠡᠴᠠ ᠨᠠᠪᠴᠢᠨ ᠲᠠᠮᠠᠬᠢ ᠶᠢᠨ ᠨᠢᠭᠦᠲ᠋ᠢᠨ ᠢ ᠰᠢᠩᠭᠡᠳᠡᠭ ︔ ᠨᠦᠭᠦᠭᠡ ᠨᠢᠭᠡ ᠬᠡᠯᠡᠯᠭᠡ ᠨᠢ ᠵᠦᠭᠡᠭᠡᠵᠦ ᠲᠡᠭᠡᠭᠪᠦᠷᠢᠯᠡᠬᠦ ᠲᠤᠮᠳᠠ ᠂ ᠲᠦᠪᠡᠳ ᠬᠠᠰᠢ ᠶᠢᠨ ᠦᠩᠭᠡ ᠶᠢ ᠤᠯᠠᠮ ᠬᠢᠯᠠᠭᠠᠷ ᠪᠤᠯᠭᠠᠬᠤ ᠪᠦᠭᠡᠳ ᠬᠤᠷᠤᠬᠠᠢ ᠤᠷᠤᠬᠤ ᠡᠴᠠ ᠰᠡᠷᠭᠡᠢᠯᠡᠬᠦ ᠶᠢᠨ ᠲᠦᠯᠦᠭᠡ ᠵᠠᠷᠢᠮ ᠬᠦᠮᠦᠰ ᠨᠠᠪᠴᠢᠨ ᠲᠠᠮᠠᠬᠢ ᠪᠠᠷ ᠰᠤᠷᠭᠤᠭ ᠴᠢᠨᠠᠷ ᠢ ᠪᠠᠳᠤᠯᠠᠳᠠᠭ ᠃

ᠡᠢᠮᠦ ᠡᠴᠠ ᠲᠦᠪᠡᠳ ᠬᠠᠰᠢ ᠳ᠋ᠤ ᠨᠢᠭᠦᠲ᠋ᠢᠨ ᠠᠭᠤᠯᠤᠭᠳᠠᠵᠦ ᠪᠠᠢᠵᠦ ᠮᠡᠳᠡᠨ᠎ᠡ ᠃

ᠲᠦᠪᠡᠳ ᠬᠠᠰᠢ ᠳ᠋ᠤ ᠬᠡᠳᠦᠢᠪᠡᠷ ᠨᠢᠭᠦᠲ᠋ᠢᠨ ᠠᠭᠤᠯᠤᠭᠳᠠᠵᠦ ᠪᠠᠢᠵᠦ ᠮᠡᠳᠡᠬᠦ ᠪᠤᠯᠪᠠᠴᠦ ᠤᠯᠠᠩᠭᠢ ᠲᠤᠰᠬᠠᠢ ᠮᠡᠷᠭᠡᠵᠢᠯᠳᠡᠨ ᠡᠴᠠ ᠲᠦᠭᠦᠭᠡᠢ ᠪᠡᠷ ᠢᠳᠡᠬᠦ ᠨᠢ ᠡᠷᠡᠭᠦᠯ ᠮᠡᠨᠳᠦ ᠶᠢ ᠨᠦᠯᠦᠭᠡᠯᠡᠬᠦ ᠦᠭᠡᠢ ᠭᠡᠵᠦ ᠦᠵᠡᠵᠦ ᠪᠠᠢᠨ᠎ᠡ ᠃

ᠤᠴᠢᠷ  ᠨᠢ ᠠᠭᠤᠯᠤᠭᠳᠠᠵᠦ ᠪᠠᠢᠭ᠎ᠠ ᠨᠢᠭᠦᠲ᠋ᠢᠨ ᠢ ᠤᠮᠳᠤᠭᠠᠢᠯᠠᠵᠦ ᠪᠤᠯᠬᠤ ᠪᠦᠭᠡᠳ ᠡᠩ ᠦᠨ ᠪᠠᠢᠳᠠᠯ ᠲᠤᠤᠷ᠎ᠠ ᠬᠦᠮᠦᠨ  ᠤ ᠪᠡᠶ᠎ᠡ ᠳ᠋ᠤ ᠨᠦᠯᠦᠭᠡ ᠪᠤᠯᠬᠤ ᠦᠭᠡᠢ ᠃ ᠴᠡᠪᠡᠷᠬᠡᠨ ᠰᠠᠢᠨ ᠤᠬᠢᠶᠠᠭᠰᠠᠨ ᠤ ᠰᠡᠭᠦᠯᠡᠷ ᠲᠦᠭᠦᠭᠡᠢ ᠪᠡᠷ ᠢᠳᠡᠵᠦ ᠪᠤᠯᠤᠨ᠎ᠡ ᠃

ᠲᠦᠪᠡᠳ ᠬᠠᠰᠢ ᠶᠢᠨ ᠡᠪᠡᠳᠴᠢᠨ ᠵᠠᠰᠠᠬᠤ ᠦᠢᠯᠡᠳᠦᠯ
1. ᠠᠷᠠᠰᠦᠨ ᠡᠪᠡᠳᠴᠢᠨ ᠢ ᠵᠠᠰᠠᠨ᠎ᠡ ︔
2. ᠭᠤᠧᠠᠯᠢᠭᠵᠢᠭᠤᠯᠬᠤ ᠦᠢᠯᠡᠳᠦᠯ ᠲᠡᠢ ᠪᠠᠢᠵᠦ ᠂ ᠦᠳᠡᠯᠬᠦ ᠶᠢ ᠰᠡᠷᠭᠡᠢᠯᠡᠨ᠎ᠡ ︔
3. ᠦᠮᠡᠨ ᠡᠪᠡᠳᠴᠢᠨ ᠢ ᠰᠡᠷᠭᠡᠢᠯᠡᠨ᠎ᠡ ︔
4. ᠴᠢᠰᠦ ᠲᠤᠳᠠᠬᠤ ᠶᠢ ᠰᠡᠷᠭᠡᠢᠯᠡᠨ᠎ᠡ ︔
5. ᠨᠡᠷᠡᠰᠢᠬᠤ ᠶᠢ ᠰᠡᠷᠭᠡᠢᠯᠡᠨ᠎ᠡ ︔
6. ᠶᠡᠬᠡ ᠬᠠᠯᠠᠭᠤᠷᠠᠬᠤ ᠶᠢ ᠪᠠᠭᠤᠷᠠᠭᠤᠯᠤᠨ᠎ᠡ ᠃

 
 
Posted in ᠠᠮᠢᠳᠤᠷᠠᠯ ᠤᠨ ᠬᠠᠨᠢ|生活之友 and tagged .