ᠬᠤᠪᠢᠯᠠᠢ ᠬᠠᠭᠠᠨ忽必烈汗

 
 

ᠢᠷᠠᠭᠤ ᠨᠠᠢᠷᠠᠭᠴᠢ᠄ᠷᠢ᠊᠂ ᠰᠡᠴᠡᠨᠴᠤᠭᠳᠤ

  ᠬᠤᠪᠢᠯᠠᠢ ᠬᠠᠭᠠᠨ

      ᠷᠢ᠊᠂ᠰᠡᠴᠡᠨᠴᠤᠭᠳᠤ
ᠰᠢᠷ᠎ᠠ ᠲᠠᠯ᠎ᠠ ᠶᠢᠨ ᠴᠡᠴᠡᠬᠡᠰ ᠴᠢᠮᠠᠶ᠋ᠢ ᠮᠠᠷᠲᠠᠬᠤ ᠦᠬᠡᠢ
ᠰᠢᠷᠬ᠎ᠠ ᠲᠠᠢ ᠬᠦᠮᠦᠨ ᠴᠢᠯᠠᠭᠤ ᠴᠢᠮᠠᠶ᠋ᠢ ᠮᠠᠷᠲᠠᠬᠤ ᠦᠬᠡᠢ
ᠨᠤᠷᠠᠭᠰᠠᠨ ᠬᠤᠲᠠ ᠶᠢᠨ ᠪᠠᠭᠤᠷᠢ ᠴᠢᠮᠠᠶ᠋ᠢ ᠮᠠᠷᠲᠠᠬᠤ ᠥᠬᠡᠢ
ᠤᠷᠠᠭᠲᠠᠭᠰᠠᠨ ᠲᠤᠭ ᠤᠨ ᠰᠡᠮᠡᠷᠬᠡᠢ ᠴᠢᠮᠠᠶ᠋ᠢ ᠮᠠᠷᠲᠠᠬᠤ ᠦᠬᠡᠢ
 
ᠬᠤᠪᠢᠯᠠᠢ ᠬᠠᠭᠠᠨ ᠬᠤᠪᠢᠯᠠᠢ ᠬᠠᠭᠠᠨ
ᠡᠪᠦᠬᠡ ᠳᠡᠬᠡᠳᠤᠰ ᠤᠨ ᠭᠠᠯ ᠢ ᠴᠢ
ᠡᠪᠦᠷᠯᠡᠵᠦ ᠶᠠᠪᠤᠭᠰᠠᠨ ᠤ ᠤᠴᠢᠷ ᠶᠠᠭᠤ ᠪᠢᠯᠡ
ᠤᠳᠤᠳᠠᠢ ᠬᠦᠬᠡ ᠲᠡᠭᠷᠢ ᠴᠢᠮᠠᠶ᠋ᠢ ᠮᠠᠷᠲᠠᠬᠤ ᠦᠬᠡᠢ
 
ᠤᠨᠭᠭᠤᠭᠰᠠᠨ ᠪᠤᠷᠤ ᠳᠡᠪᠡᠯ ᠴᠢᠮᠠᠶ᠋ᠢ ᠮᠠᠷᠲᠠᠬᠤ ᠦᠬᠡᠢ
ᠨᠡᠬᠦᠵᠦ ᠶᠠᠪᠤᠭᠰᠠᠨ ᠭᠤᠯᠤᠮᠲᠠ ᠴᠢᠮᠠᠶ᠋ᠢ ᠮᠠᠷᠲᠠᠬᠤ ᠦᠬᠡᠢ
ᠨᠢᠭᠤᠵᠦ ᠤᠬᠢᠯᠠᠭᠰᠠᠨ ᠡᠵᠢ ᠴᠢᠮᠠᠶ᠋ᠢ ᠮᠠᠷᠲᠠᠬᠤ ᠦᠬᠡᠢ
ᠬᠤᠪᠢᠯᠠᠢ ᠬᠠᠭᠠᠨ ᠬᠤᠪᠢᠯᠠᠢ ᠬᠠᠭᠠᠨ
 
ᠡᠪᠦᠬᠡ ᠳᠡᠬᠡᠳᠤᠰ ᠤᠨ ᠭᠠᠯ ᠢ ᠴᠢ
ᠡᠪᠦᠷᠯᠡᠵᠦ ᠶᠠᠪᠤᠭᠰᠠᠨ ᠤ ᠤᠴᠢᠷ ᠶᠠᠭᠤ ᠪᠢᠯᠡ
ᠪᠤᠮᠠᠨ ᠴᠠᠭᠠᠨ ᠠᠳᠤᠭᠤ ᠨᠢ ᠴᠢᠮᠠᠶ᠋ᠢ ᠮᠠᠷᠲᠠᠬᠤ ᠦᠬᠡᠢ
ᠪᠤᠴᠠᠭᠠᠳ ᠨᠢᠰᠤᠭᠰᠡᠨ ᠰᠢᠪᠠᠭᠤ ᠨᠢ ᠴᠢᠮᠠᠶ᠋ᠢ ᠮᠠᠷᠲᠠᠬᠤ ᠦᠬᠡᠢ
 
ᠪᠠᠭᠤᠴᠠ ᠪᠠᠨ ᠰᠠᠬᠢᠭᠰᠠᠨ ᠬᠦᠤ ᠨᠢ ᠴᠢᠮᠠᠶ᠋ᠢ ᠮᠠᠷᠲᠠᠬᠤ ᠦᠬᠡᠢ
ᠪᠤᠭᠤᠷᠤᠯ ᠳᠡᠤᠬᠡ ᠶᠢᠨ ᠦᠨᠡᠨ ᠴᠢᠮᠠᠶ᠋ᠢ ᠮᠠᠷᠲᠠᠬᠤ ᠦᠬᠡᠢ
ᠬᠤᠪᠢᠯᠠᠢ ᠬᠠᠭᠠᠨ ᠬᠤᠪᠢᠯᠠᠢ ᠬᠠᠭᠠᠨ
ᠡᠪᠦᠬᠡ ᠳᠡᠬᠡᠳᠤᠰ ᠤᠨ ᠭᠠᠯ ᠢ ᠴᠢ
ᠡᠪᠦᠷᠯᠡᠵᠦ ᠶᠠᠪᠤᠭᠰᠠᠨ ᠤ ᠤᠴᠢᠷ ᠶᠠᠭᠤ ᠪᠢᠯᠡ

 
 
Posted in ᠤᠷᠠᠨ ᠵᠤᠬᠢᠶᠠᠯ |作品赏析 and tagged .