ᠦᠪᠦᠷ ᠮᠤᠩᠭᠤᠯ ᠭᠠᠳᠠᠭᠠᠳᠤ ᠡᠴᠠ ᠤᠷᠤᠭᠤᠯᠤᠭᠰᠠᠨ ᠰᠠᠢᠨ ᠡᠭᠦᠯᠳ······ 内蒙古: 进口改良肉奶牛补助 5000元

 
 

ᠦᠪᠦᠷ ᠮᠤᠩᠭᠤᠯ ᠭᠠᠳᠠᠭᠠᠳᠤ ᠡᠴᠠ ᠤᠷᠤᠭᠤᠯᠤᠭᠰᠠᠨ ᠰᠠᠢᠨ ᠡᠭᠦᠯᠳᠡᠷ ᠦᠨ ᠮᠢᠬᠠᠨ ᠤ ᠦᠨᠢᠶ᠎ᠠ ᠪᠦᠷᠢ ᠳ᠋ᠤ 5000 ᠲᠦᠬᠦᠷᠢᠭ ᠦᠨ ᠨᠦᠬᠦᠪᠤᠷᠢ ᠤᠯᠭᠤᠨ᠎ᠠ

ᠦᠪᠦᠷ ᠮᠤᠩᠭᠤᠯ ᠭᠠᠳᠠᠭᠠᠳᠤ ᠡᠴᠠ ᠤᠷᠤᠭᠤᠯᠤᠭᠰᠠᠨ ᠰᠠᠢᠨ ᠡᠭᠦᠯᠳᠡᠷ ᠦᠨ ᠮᠢᠬᠠᠨ ᠤ ᠦᠨᠢᠶ᠎ᠠ ᠪᠦᠷᠢ ᠳ᠋ᠤ 5000 ᠲᠦᠬᠦᠷᠢᠭ ᠦᠨ ᠨᠦᠬᠦᠪᠤᠷᠢ ᠤᠯᠭᠤᠨ᠎ᠠ

ᠦᠪᠦᠷ ᠮᠤᠩᠭᠤᠯ ᠤᠨ ᠡᠳᠦᠷ ᠦᠨ ᠰᠤᠨᠢᠨ ᠤ ᠮᠡᠳᠡᠭᠡ (ᠰᠤᠷᠪᠤᠯᠵᠢᠯᠠᠭᠴᠢ ᠬᠡᠰᠢᠭᠪᠠᠶᠠᠷ ) ᠤᠢᠷ᠎ᠠ ᠳ᠋ᠤ᠂ ᠦᠪᠠᠷᠳᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠵᠦᠪᠰᠢᠶᠡᠷᠡᠯ ᠢᠶᠡᠷ ᠦᠪᠠᠷᠳᠡᠭᠡᠨ ᠵᠠᠰᠠᠬᠤ ᠤᠷᠤᠨ ᠤ ᠡᠳ᠋ ᠦᠨ ᠵᠠᠰᠠᠭ ᠤᠨ ᠲᠢᠩᠭᠢᠮ 8000 ᠲᠦᠮᠠᠨ ᠲᠦᠭᠦᠷᠢᠭ ᠦᠨ ᠲᠤᠰᠬᠠᠢ ᠲᠦᠷᠤᠯ ᠤᠨ ᠪᠠᠯᠠ ᠮᠦᠩᠭᠦ ᠭᠠᠷᠭᠠᠵᠦ᠂ ᠦᠨᠢᠶ᠎ᠠ ᠪᠦᠷᠢ ᠳ᠋ᠤ 5000ᠲᠦᠭᠦᠷᠢᠭ ᠦᠨ ᠪᠠᠷᠢᠮᠵᠢᠶ᠎ᠠ ᠪᠠᠷ ᠭᠠᠳᠠᠭᠠᠳᠤ ᠡᠴᠠ ᠤᠷᠤᠭᠤᠯᠤᠭᠰᠠᠨ 1.6 ᠲᠦᠮᠠᠨ ᠰᠠᠢᠨ ᠡᠭᠦᠯᠳᠡᠷ ᠦᠨ ᠮᠢᠬᠠᠨ ᠤ ᠦᠨᠢᠶ᠎ᠠ ᠳ᠋ᠤ ᠨᠦᠬᠦᠪᠤᠷᠢ ᠤᠯᠭᠤᠬᠤ ᠪᠠᠷ ᠲᠤᠭᠳᠠᠭᠰᠠᠨ ᠪᠠᠢᠨ᠎ᠠ᠃ ᠤᠢᠯᠠᠭᠠᠭᠰᠠᠨ ᠢᠶᠠᠷ᠂ ᠨᠢᠳᠤᠨᠤᠨ ᠵᠢᠯ ᠡᠴᠠ ᠨᠠᠰᠢ ᠬᠤᠨᠢᠨ ᠮᠢᠬ᠎ᠠ ᠶᠡᠭᠡᠪᠡᠷ ᠬᠢᠮᠳᠠᠷᠠᠭᠰᠠᠨ ᠪᠤᠯᠪᠠᠴᠤ ᠦᠭᠡᠷ ᠦᠨ ᠮᠢᠬ᠎ᠠ ᠶᠢᠨ ᠦᠨ᠎ᠠ ᠬᠠᠩᠰᠢ ᠬᠠᠷᠢᠨ ᠨᠠᠯᠢᠶᠠᠳ ᠲᠤᠭᠳᠠᠪᠤᠷᠢᠳᠠᠢ ᠪᠠᠢᠵᠦ᠂ ᠪᠦᠬᠦ ᠤᠷᠤᠨ ᠤ ᠬᠡᠪᠴᠢᠶᠠᠨ ᠳ᠋ᠤ ᠮᠢᠬᠠᠨ ᠤ ᠦᠭᠡᠷ ᠲᠡᠵᠢᠭᠡᠬᠦ ᠬᠠᠯᠠᠭᠤᠷᠠᠯ ᠡᠭᠦᠰᠦᠭᠰᠡᠨ ᠪᠠᠢᠨ᠎ᠠ᠃ ᠡᠨᠡ ᠵᠢᠯ ᠤᠨ ᠮᠠᠯ ᠠᠵᠤ ᠠᠬᠤᠢ ᠶᠢᠨ  ᠪᠦᠷᠢᠳᠭᠡᠯ ᠳ᠋ᠤ᠂ ᠪᠦᠬᠦ ᠤᠷᠤᠨ ᠤ ᠮᠢᠬᠠᠨ ᠤ ᠦᠭᠡᠷ 829 ᠲᠦᠮᠠ ᠳ᠋ᠤ ᠬᠦᠷᠴᠠᠢ᠃ 《ᠠᠷᠪᠠᠨ ᠭᠤᠷᠪᠠᠳᠤᠭᠠᠷ ᠲᠠᠪᠤᠨ ᠵᠢᠯ 》 ᠤᠨ ᠬᠤᠭᠤᠴᠠᠭᠠᠨ ᠳ᠋ᠤ᠂ ᠮᠠᠨ ᠤ ᠤᠷᠤᠨ ᠮᠢᠬᠠᠨ ᠤ ᠦᠭᠡᠷ ᠦᠨ ᠶᠠᠷᠦᠩᠭᠡᠢ ᠲᠤᠭ᠎ᠠ ᠶᠢ 1000 ᠲᠦᠮᠠ ᠳ᠋ᠤ ᠬᠦᠷᠭᠡᠵᠦ᠂ ᠦᠭᠡᠷ ᠦᠨ ᠮᠢᠬᠠᠨ ᠤ ᠭᠠᠷᠤᠯᠳᠠ ᠶᠢᠨ ᠬᠡᠮᠵᠢᠶ᠎ᠠ ᠶᠢ ᠪᠦᠬᠦ ᠤᠯᠤᠰ ᠤᠨ ᠲᠦᠷᠦᠭᠦᠦ ᠭᠤᠷᠪᠠ ᠳ᠋ᠤ ᠤᠷᠤᠭᠤᠯᠬᠤ ᠪᠠᠷ ᠴᠢᠷᠮᠠᠢᠵᠦ ᠪᠤᠢ᠃ ᠠᠩᠬ᠎ᠠ ᠠᠯᠬᠤᠮ ᠤᠨ ᠪᠠᠢᠴᠠᠭᠠᠯᠳᠠ ᠶᠢ ᠦᠨᠳᠦᠰᠤᠯᠠᠪᠠᠯ᠂ ᠤᠳᠤᠬᠠᠨ ᠳ᠋ᠤ ᠮᠠᠨ ᠤ ᠤᠷᠤᠨ ᠭᠠᠳᠠᠭᠠᠳᠤ ᠡᠴᠠ 14ᠲᠦᠮᠠᠨ ᠰᠠᠢᠨ ᠡᠭᠦᠯᠳᠡᠷ ᠦᠨ ᠮᠢᠬᠠᠨ ᠤ ᠦᠨᠢᠶ᠎ᠠ ᠤᠷᠤᠭᠤᠯᠬᠤ ᠬᠡᠷᠡᠭᠴᠡᠬᠡ ᠲᠡᠢ ᠪᠠᠢᠨ᠎ᠠ᠃ ᠡᠨᠡ ᠤᠳᠠᠭ᠎ᠠ ᠮᠠᠨ ᠤ ᠤᠷᠤᠨ ᠭᠠᠳᠠᠭᠠᠳᠤ ᠡᠴᠠ ᠤᠷᠤᠭᠤᠯᠬᠤ 1.6 ᠲᠦᠮᠠᠨ ᠰᠠᠢᠨ ᠡᠭᠦᠯᠳᠡᠷ ᠦᠨ ᠮᠢᠬᠠᠨ ᠤ ᠦᠨᠢᠶ᠎ᠠ ᠳ᠋ᠤ ᠨᠦᠬᠦᠪᠤᠷᠢ ᠤᠯᠭᠤᠬᠤ ᠪᠠᠷ ᠲᠤᠭᠳᠠᠭᠰᠠᠨ ᠨᠢ ᠮᠠᠨ ᠤ ᠤᠷᠤᠨ ᠤ ᠰᠠᠢᠨ ᠡᠭᠦᠯᠳᠡᠷ ᠦᠨ ᠮᠢᠬᠠᠨ ᠤ ᠦᠨᠢᠶᠠᠨ ᠤ ᠲᠤᠭ᠎ᠠ ᠶᠢ ᠤᠯᠠᠰᠢᠷᠠᠭᠤᠯᠤᠨ ᠦᠷ᠎ᠠ ᠠᠰᠢᠭ ᠢ ᠨᠢ ᠲᠡᠭᠡᠭᠰᠢᠯᠡᠬᠦᠯᠬᠦ᠂ ᠰᠦᠷᠦᠭ ᠦᠨ ᠪᠦᠳᠤᠴᠡ ᠶᠢᠨ ᠲᠤᠬᠢᠷᠠᠭᠤᠯᠤᠯᠳᠠ ᠪᠠ ᠠᠵᠤ ᠦᠢᠯᠡᠰ ᠦᠨ ᠤᠷᠤᠨ ᠪᠦᠰᠡ ᠶᠢᠨ ᠪᠠᠢᠷᠢᠰᠢᠭᠤᠯᠤᠯᠳᠠ ᠶᠢ ᠰᠢᠯᠢᠳᠡᠭᠵᠢᠬᠦᠯᠵᠤ᠂ ᠮᠠᠯᠵᠢᠬᠤ ᠤᠷᠤᠨ ᠤ ᠪᠤᠭ ᠮᠠᠯ ᠤᠨ ᠲᠤᠭ᠎ᠠ ᠶᠢ ᠴᠦᠭᠡᠳᠭᠡᠨ ᠪᠤᠳᠠ ᠮᠠᠯ ᠤᠨ ᠲᠤᠭ᠎ᠠ ᠶᠢ ᠨᠡᠮᠡᠭᠳᠡᠬᠦᠯᠵᠦ ᠨᠤᠳᠤᠭ ᠪᠠᠯᠴᠢᠭᠡᠷ ᠤᠨ ᠠᠮᠢ ᠠᠬᠤᠢ ᠶᠢᠨ ᠬᠠᠮᠠᠭᠠᠯᠠᠯᠳᠠ ᠶᠢ ᠠᠬᠢᠭᠤᠯᠬᠤ ᠳ᠋ᠤ ᠠᠰᠢᠭᠳᠠᠢ ᠶᠤᠮ᠃

 
 
Posted in ᠤᠷᠤᠨ ᠨᠤᠲᠤᠭ |农牧信息 and tagged .