ᠴᠢᠨᠭᠬᠢᠰ ᠦᠨ ᠡᠮᠡᠬᠡᠯ 成吉思汗的马鞍

 
 

ᠴᠢᠨᠭᠭᠡᠰ ᠦᠨ ᠡᠮᠡᠬᠡᠯ

ᠷᠢ᠊᠂ᠰᠡᠴᠡᠨᠴᠤᠭᠳᠤ
ᠬᠦᠶᠦᠬᠡᠳ ᠭᠠᠷᠪᠠᠯ ᠤᠶᠠᠭᠠᠨ ᠳᠡᠭᠡᠷ᠎ᠡ
ᠨᠠᠮᠤᠷ ᠤᠨ ᠰᠠᠯᠬᠢ ᠪᠣᠢᠯᠠᠨ᠎ᠠ
ᠬᠦᠨ ᠴᠡᠨᠭᠭᠡᠷ ᠳᠡᠭᠷᠢ ᠪᠡᠷ
ᠰᠦᠷᠦᠭ ᠴᠠᠭᠠᠨ ᠰᠢᠪᠠᠭᠤ
ᠤᠬᠢᠯᠠᠨ ᠪᠤᠴᠠᠨ᠎ᠠ
ᠴᠠᠬᠢᠯᠳᠠᠭ ᠤᠨ ᠢᠷ ᠡᠮᠲᠡᠷᠡᠲᠡᠯ᠎ᠡ
ᠮᠤᠨᠭᠭᠤᠯ ᠨᠤᠳᠤᠭ ᠬᠤᠨᠭᠭᠤᠷᠳᠠᠨ᠎ᠠ
ᠴᠠᠢ ᠪᠠᠨ ᠰᠠᠮᠤᠷᠠᠭᠰᠠᠭᠠᠷ ᠡᠵᠢ ᠨᠢ
ᠬᠦᠤ ᠪᠠᠨ ᠰᠠᠨᠠᠨ᠎ᠠ
ᠦᠯᠢᠬᠡᠷ ᠦᠨ ᠰᠠᠢᠬᠠᠨ ᠪᠠᠭᠠᠳᠤᠷ ᠤᠳ
ᠳᠡᠭᠷᠢ ᠶᠢᠨ ᠬᠠᠶᠠᠭ᠎ᠠ ᠶᠢ ᠡᠷᠬᠦᠨ ᠬᠣᠯᠠᠳᠠᠯ᠎ᠠ
ᠦᠷ ᠦᠨ ᠲᠤᠶᠠᠭ᠎ᠠ ᠨᠦᠮᠦᠷᠡᠨ
ᠡᠵᠡᠨ ᠴᠢᠨᠭᠭᠡᠰ ᠪᠤᠴᠠᠭᠠᠳ ᠳᠠᠪᠬᠢᠨ᠎ᠠ
ᠪᠠᠢᠰᠬᠢᠭᠡᠳ ᠵᠡᠬᠦᠳᠦᠨ ᠳᠦ
ᠴᠠᠭᠠᠨ ᠱᠤᠨᠭᠬᠤᠷ ᠰᠢᠪᠠᠭᠤ ᠳᠤᠨᠭᠭᠤᠳᠬᠤ ᠶᠤᠮ
ᠪᠠᠢᠮ᠎ᠠ ᠬᠤᠯᠠ ᠬᠤᠯᠠᠨ ᠠᠭᠤᠯᠠᠨ ᠳᠤ
ᠳᠠᠢᠨ ᠤ ᠳᠤᠭᠤᠰᠤ ᠮᠠᠨᠠᠷᠠᠬᠤ ᠶᠤᠮ
ᠡᠵᠡᠨ ᠮᠢᠨᠢ ᠶᠠᠭᠠᠬᠢᠪᠠ ᠬᠡᠵᠦ ᠪᠢ
ᠲᠠᠰ ᠰᠢᠪᠠᠭᠤᠨ ᠠᠴᠠ ᠪᠠᠨ ᠠᠰᠠᠭᠤᠨ᠎ᠠ
ᠡᠵᠡᠨ ᠴᠢᠨᠢ ᠬᠠᠮᠢᠭ᠎ᠠ ᠪᠠᠢᠨ᠎ᠠ ᠪᠤᠢ ᠬᠡᠵᠦ
ᠳᠡᠯᠡᠬᠡᠢ ᠨᠠᠳᠠ ᠠᠴᠠ ᠨᠡᠬᠡᠨ᠎ᠡ
ᠳᠡᠬᠡᠳᠤᠰ ᠮᠢᠨᠢ
ᠳᠡᠯᠬᠡᠷᠬᠡᠨ ᠮᠤᠨᠭᠭᠤᠯ ᠳᠠᠭᠠᠨ ᠯᠡ ᠪᠠᠢᠨ᠎ᠠ
ᠳᠡᠪᠡᠯ ᠦᠨ ᠬᠢᠨᠢ ᠦᠨᠦᠷ
ᠨᠠᠳᠠ ᠳᠤ ᠪᠠᠢᠨ᠎ᠠ
ᠬᠦᠬᠡ ᠮᠤᠨᠭᠭᠤᠯ ᠤᠨ ᠡᠵᠡᠨ ᠴᠢᠨᠭᠭᠡᠰ ᠬᠤᠯᠠ ᠶᠠᠪᠤᠭ᠎ᠠ ᠦᠬᠡᠢ
ᠬᠦᠯᠦᠰᠦ ᠲᠡᠢ ᠡᠮᠡᠬᠡᠯ ᠨᠢ ᠤᠷᠳᠤᠰ ᠲᠤ ᠪᠠᠢᠨ᠎ᠠ
ᠡᠮᠡᠬᠡᠯ ᠢᠶᠡᠨ ᠬᠠᠶᠠᠭᠠᠨ ᠳᠠᠭᠠᠨ ᠳᠠᠯᠪᠢᠭᠰᠠᠨ ᠬᠦᠮᠦᠨ
ᠡᠨᠳᠡ ᠡᠴᠡ ᠬᠤᠯᠠᠳᠠᠭᠠᠳ ᠬᠠᠮᠢᠭ᠎ᠠ ᠶᠠᠪᠤᠬᠤᠪ ᠳᠠ

 
 
 
Posted in ᠤᠷᠠᠨ ᠵᠤᠬᠢᠶᠠᠯ |作品赏析 and tagged .