ᠨᠠᠮᠤᠷ

 
 

ᠨᠠᠮᠤᠷ

ᠮᠤᠨᠭᠭᠤᠯ᠄ ᠳ᠂ᠰᠤᠮᠢᠶ᠎ᠠ
ᠬᠤᠷᠢᠳ ᠤᠨ ᠴᠠᠭᠠᠨ ᠰᠠᠷᠠ ᠳᠤᠭᠤᠭᠠᠨ ᠳᠡᠭᠡᠷ᠎ᠡ ᠮᠡᠯᠳᠡᠢᠵᠦ
ᠬᠤᠨᠢᠨ ᠲᠣᠭᠤᠭ᠎ᠠ ᠲᠠᠢ ᠰᠦᠨ ᠦ ᠥᠷᠦᠮ᠎ᠡ ᠰᠢᠷᠭᠠᠯᠲᠤᠨ᠎ᠠ
ᠪᠤᠴᠠᠬᠤ ᠰᠢᠪᠠᠭᠤᠳ ᠤᠨ ᠨᠠᠮᠤᠭᠤᠬᠠᠨ ᠭᠠᠩᠭ᠋ᠠᠨᠠᠭ᠎ᠠ
ᠪᠤᠯᠬᠢᠯᠠᠬᠤ ᠵᠢᠷᠦᠬᠡᠨ ᠳᠦ ᠭᠤᠨᠢᠭ ᠢᠶᠠᠨ ᠣᠷᠭᠢᠨ᠎ᠠ
ᠵᠡᠯᠡᠯᠡᠬᠦ ᠰᠢᠪᠠᠭᠤᠳ ᠢ ᠦᠳᠡᠨ ᠵᠤᠭᠰᠤᠬᠤ ᠳᠤ ᠡᠵᠢ
ᠵᠢᠮᠡᠯᠡᠵᠦ᠂《ᠵᠢᠷᠭᠠᠯ ᠠᠪᠤᠭᠠᠳ ᠨᠢᠰᠦᠨ᠎ᠡ》ᠬᠡᠬᠦ ᠮᠥᠷᠲᠡᠯ᠎ᠡ ᠪᠡᠨ
ᠠᠭᠠᠷᠤ ᠲᠠᠢ ᠰᠦ᠋ ᠪᠡᠨ ᠠᠪᠤᠭᠠᠳ ᠭᠠᠷᠤᠨ᠎ᠠ
ᠠᠷᠤ ᠠᠴᠠ ᠰᠠᠴᠤᠯᠢ ᠡᠷᠬᠦᠨ ᠤᠳᠠᠲᠠᠯ᠎ᠠ ᠵᠣᠭᠰᠤᠨ᠎ᠠ
ᠬᠠᠶᠠᠭ᠎ᠠ ᠪᠠᠷ ᠰᠡᠷᠢᠬᠦᠨ ᠰᠠᠯᠬᠢ ᠦᠯᠢᠶᠡᠨ
ᠬᠠᠮᠢᠭ᠎ᠠ ᠬᠤᠯᠠ ᠳᠤ ᠰᠢᠪᠠᠭᠤᠳ ᠤᠨ ᠭᠠᠩᠭ᠋ᠠᠨᠠᠭ᠎ᠠ ᠰᠢᠨᠭᠭᠡᠨᠡ
ᠦᠷᠯᠦᠭᠡ ᠶᠢᠨ ᠬᠤᠯᠠᠬᠠᠨ ᠨᠠᠭᠤᠷ ᠨᠢᠳᠦᠨ ᠳᠦ ᠳᠤᠰᠴᠦ
ᠦᠴᠦᠭᠡᠨ ᠴᠦ ᠪᠠᠷ᠎ᠠ ᠦᠭᠡᠢ ᠮᠠᠨᠳᠤᠯ ᠨᠢ ᠴᠡᠩᠭᠡᠷᠳᠦᠨ᠎ᠡ
ᠡᠵᠡᠬᠦᠢ ᠨᠠᠭᠤᠷ ᠤᠨ ᠳᠠᠪᠠᠯᠭ᠎ᠠ ᠳᠠᠪᠠᠯᠭ᠎ᠠ ᠪᠠᠨ ᠬᠦᠬᠡᠬᠡᠨ
ᠡᠷᠬᠢ ᠪᠡᠨ ᠤᠢ ᠲᠠᠢ ᠮᠦᠷᠬᠦᠬᠦ ᠴᠢᠮᠡᠭᠡ ᠰᠣᠨᠤᠰᠳᠠᠨ᠎ᠠ

 
 
 
Posted in ᠤᠷᠠᠨ ᠵᠤᠬᠢᠶᠠᠯ |作品赏析 and tagged .