ᠨᠠᠢ᠍ᠮᠠᠨ ᠤ ᠪᠠᠷ ᠵᠢᠷᠤᠭ ᠢᠲ᠋ᠠᠯᠢ ᠶᠢᠨ ᠮᠢᠯᠠᠨ ᠤ ᠲᠡᠯᠡᠬᠡᠢ ᠶᠢᠨ ᠦᠵᠡᠰᠬᠦᠯᠡᠩ ᠳᠦ ᠤᠷᠤᠯᠴᠠᠪᠠ 通辽奈曼版画闪耀米兰世博会

ᠨᠠᠢ᠍ᠮᠠᠨ ᠤ ᠪᠠᠷ ᠵᠢᠷᠤᠭ ᠢᠲ᠋ᠠᠯᠢ ᠶᠢᠨ ᠮᠢᠯᠠᠨ ᠤ ᠲᠡᠯᠡᠬᠡᠢ ᠶᠢᠨ ᠦᠵᠡᠰᠬᠦᠯᠡᠩ ᠳᠦ ᠤᠷᠤᠯᠴᠠᠪᠠ

2015 ᠣᠨ ᠤ ᠢᠲ᠋ᠠᠯᠢ ᠶᠢᠨ ᠲᠡᠯᠡᠬᠡᠢ ᠶᠢᠨ ᠦᠵᠡᠰᠬᠦᠯᠡᠩ ᠳᠦ᠂ ᠮᠣᠩᠭᠤᠯ ᠦᠨᠳᠣᠰᠣᠳᠡᠨ ᠤ ᠪᠠᠷ ᠵᠢᠷᠣᠭᠴᠢᠨ ᠨᠠᠢ᠍ᠮᠠᠨ ᠬᠤᠰᠢᠭᠤᠨ ᠤ ᠰᠣᠶᠣᠯ ᠤᠨ ᠭᠡᠷ ᠦᠨ ᠠᠨ ᠭᠤᠸᠠᠩ ᠶᠢᠣ᠂ ᠨᠠᠢ᠍ᠮᠠᠨ  ᠤ ᠭᠤᠷᠪᠠᠳᠣᠭᠠᠷ ᠲᠣᠮᠳᠠᠳᠣ ᠰᠣᠷᠭᠠᠭᠤᠯᠢ ᠶᠢᠨ ᠪᠠᠭᠰᠢ ᠭᠤᠤ ᠫᠸᠡᠭ ᠦᠨ ᠪᠦᠳᠦᠭᠡᠯ ᠦᠵᠡᠭᠴᠢᠳ ᠦᠨ ᠰᠤᠨᠢᠷᠬᠠᠯ ᠢ ᠳᠠᠳᠠᠭᠰᠠᠨ ᠪᠠᠶᠢᠨ᠎ᠠ᠃ ᠲᠤᠰ ᠦᠵᠡᠰᠬᠦᠯᠡᠩ ᠦᠨ ᠬᠤᠷᠠᠯ ᠪᠤᠯ ᠡᠯ᠎ᠡ ᠣᠯᠣᠰ ᠤᠨ ᠰᠣᠶᠣᠯ ᠪᠠ ᠣᠷᠠᠯᠢᠭ ᠤᠨ ᠰᠣᠯᠢᠯᠴᠠᠭᠠᠨ ᠲᠡᠮᠵᠢᠭᠤᠯᠭ᠎ᠠ ᠶᠢᠨ ᠦᠪᠡᠳᠡᠭᠰᠢ ᠴᠣᠭᠯᠠᠭᠠᠨ ᠪᠣᠯᠣᠨ᠎ᠠ᠃

ᠨᠠᠢ᠍ᠮᠠᠨ ᠤ ᠢᠶᠠᠷ ᠵᠢᠷᠤᠭ ᠲᠡᠭᠡᠷ᠎ᠡ ᠵᠠᠭᠤᠨ ᠤ ᠲᠠᠯᠠᠭᠠᠳ ᠣᠨ ᠤ ᠦᠶ᠎ᠡ ᠳᠦ ᠪᠣᠢ ᠪᠣᠯᠵᠤ (ᠬᠤᠷᠴᠢᠨ ᠤ ᠢᠶᠠᠷ ᠵᠢᠷᠤᠭ) ᠤᠨ ᠴᠢᠬᠤᠯᠠ ᠬᠡᠰᠡᠭ ᠪᠦᠬᠡᠳ ᠨᠠᠢ᠍ᠮᠠᠨ ᠤ ᠪᠠᠷ ᠵᠢᠷᠤᠭ ᠨᠢ ᠦᠷᠭᠡᠨ ᠵᠣᠵᠠᠭᠠᠨ ᠶᠡᠭᠡ ᠡᠯᠡᠰᠣᠨ ᠤ ᠰᠦᠷ ᠵᠢᠪᠬᠤᠭ᠎ᠠ ᠲᠠᠢ᠂ ᠦᠳᠭᠡᠨ ᠵᠣᠵᠠᠭᠠᠨ ᠮᠣᠩᠭᠤᠯ ᠰᠣᠶᠣᠯ ᠤᠨ ᠬᠦᠷᠣᠰᠣ ᠰᠢᠷᠣᠢ ᠲᠠᠢ᠂ ᠣᠨᠴᠠ ᠪᠠᠢᠳᠠᠭ ᠣᠷᠣᠨ ᠪᠦᠰᠡ ᠶᠢᠨ ᠦᠡᠭᠭᠡ ᠰᠡᠳᠬᠢᠯᠬᠡ ᠲᠡᠢ᠂ ᠪᠢᠴᠢᠯᠭᠡ ᠵᠢᠷᠣᠯᠭ᠎ᠠ ᠨᠢ ᠬᠤᠷᠴᠡ ᠪᠣᠯᠪᠠᠰᠣᠩᠭᠤᠢ᠂ ᠰᠣᠨᠢᠷᠬᠠᠯ ᠲᠠᠭᠠᠰᠢᠶᠠᠯ ᠨᠢ ᠪᠣᠷᠣᠭᠵᠢᠭᠤᠨ᠂ ᠲᠣᠳᠣᠭᠠᠳᠣ ᠠᠭᠤᠯᠬᠤᠨ ᠨᠢ ᠬᠦᠨᠵᠡᠬᠡᠢ᠂ ᠪᠠᠷ ᠵᠢᠷᠤᠭ ᠤᠨ ᠲᠠᠯ᠎ᠠ ᠶᠢᠨ ᠬᠢᠨ ᠳᠤ ᠦᠨᠳᠣᠷ ᠶᠡᠭᠡ ᠦᠨᠡᠯᠡᠯᠳᠡ ᠲᠡᠢ ᠪᠠᠢᠨ᠎ᠠ᠃ ᠨᠠᠢ᠍ᠮᠠᠨ ᠤ ᠢᠶᠠᠷ ᠵᠢᠷᠤᠭ ᠤᠨ ᠵᠤᠬᠢᠶᠠᠨ ᠪᠦᠳᠣᠭᠡᠯᠭᠡ ᠶᠢᠨ ᠡᠩᠨᠡᠭᠡ ᠲᠠᠰᠣᠷᠠᠯᠳᠠ ᠦᠬᠡᠢ ᠪᠣᠵᠠᠭᠠᠢᠷᠠᠨ ᠲᠡᠭᠡᠷ᠎ᠡ ᠵᠠᠭᠤᠨ ᠤ ᠲᠠᠪᠢᠭᠠᠳ ᠣᠨ ᠤ ᠦᠶ᠎ᠡ ᠶᠢᠨ ᠲᠦᠷᠪᠡ ᠲᠠᠪᠣᠬᠠᠨ ᠬᠦᠮᠣᠨ ᠲᠠᠢ ᠪᠠᠢᠭᠰᠠᠨ ᠠᠴᠠ ᠢᠶᠠᠨ ᠭᠦᠭᠵᠢᠬᠡᠳ ᠲᠦᠴᠢ ᠲᠠᠪᠢᠨ ᠬᠦᠮᠣᠨ ᠪᠣᠯᠵᠣ᠂ 1500 ᠭᠠᠷᠣᠢ ᠬᠦᠮᠣᠰ ᠢ ᠲᠠᠢᠴᠢᠯᠠᠵᠣ ᠪᠠᠢᠨ᠎ᠠ᠃

ᠲᠣᠮᠳᠠᠳᠣ ᠪᠠᠭ᠎ᠠ ᠰᠣᠷᠭᠠᠭᠤᠯᠢ ᠶᠢᠨ ᠵᠢᠷᠤᠭ ᠤᠨ ᠬᠢᠴᠢᠶᠡᠯᠯᠡᠭᠡ ᠳᠦ ᠪᠡᠷ ᠵᠢᠷᠤᠭ ᠤᠨ ᠠᠭᠤᠯᠭ᠎ᠠ ᠶᠢ ᠣᠷᠣᠭᠤᠯᠣᠨ ᠵᠢᠭᠠᠵᠣ᠂ ᠰᠣᠷᠣᠭᠴᠢᠳ ᠤᠨ ᠣᠷᠠᠯᠢᠭ ᠤᠨ ᠡᠬᠦᠳᠣᠯᠳᠡ ᠶᠢ ᠬᠦᠮᠣᠵᠢᠬᠦᠯᠵᠣ ᠮᠣᠷᠠᠯ ᠣᠶᠣᠨ ᠪᠡᠶ᠎ᠡ ᠲᠠᠮᠢᠷ ᠭᠤᠸ᠎ᠠ ᠰᠠᠶᠢᠬᠠᠨ ᠢ ᠪᠦᠬᠦ ᠲᠠᠯ᠎ᠠ ᠪᠠᠷ ᠬᠦᠭᠵᠢᠬᠦᠯᠵᠣ ᠪᠠᠢᠨ᠎ᠠ᠃

ᠦᠵᠡᠭᠴᠢᠳ ᠮᠢᠯᠠᠨ ᠤ ᠦᠵᠡᠰᠬᠦᠯᠡᠩ ᠳᠦ ᠨᠠᠢᠮᠠᠨ ᠤ ᠢᠶᠠᠷ ᠵᠢᠷᠤᠭ ᠢ ᠰᠤᠨᠢᠷᠬᠠᠵᠦ ᠪᠠᠶᠢᠭ᠎ᠠ ᠨᠢ ᠨᠠᠢ᠍ᠮᠠᠨ ᠤ ᠶᠡᠭᠡ ᠡᠯᠡᠰᠣᠨ ᠤ ᠪᠠᠷ ᠵᠢᠷᠤᠭ ᠤᠨ ᠨᠦᠯᠣᠭᠡ ᠲᠣᠰᠬᠠᠯ ᠡᠳᠣᠷ ᠢᠷᠡᠬᠦᠶ᠎ᠡ ᠦᠷᠭᠡᠵᠢᠵᠣ ᠶᠢ ᠲᠠᠭᠠᠯᠳᠣᠨ ᠱᠧᠨ᠋ᠵᠧᠨ ᠬᠤᠳᠠ ᠶᠢᠨ ᠭᠤᠸᠠᠨ ᠯᠠᠨ ᠪᠠᠷ ᠵᠢᠷᠤᠭ ᠤᠨ ᠵᠤᠬᠢᠶᠠᠨ ᠪᠦᠳᠣᠭᠡᠯᠭᠡ ᠶᠢᠨ ᠰᠠᠭᠤᠷᠢᠨ ᠲᠠᠢ ᠡᠬᠦᠷᠢᠳᠡ ᠶᠢᠨ ᠬᠠᠮᠳᠣᠷᠠᠯᠴᠠᠭ᠎ᠠ ᠶᠢᠨ ᠬᠠᠷᠢᠴᠠᠭ᠎ᠠ ᠪᠠᠶᠢᠭᠤᠯᠵᠣ᠂ ᠭᠤᠣᠯᠳᠠᠯᠭ᠎ᠠ ᠲᠠᠢ ᠪᠠᠷ 《ᠡᠮᠣᠨᠡᠳᠦ ᠳᠤ ᠭᠤᠸᠠᠨ ᠯᠠᠨ᠂ ᠤᠮᠠᠷᠠᠳᠤ ᠳᠤ ᠨᠠᠢ᠍ᠮᠠᠠ》 ᠬᠡᠬᠦ ᠪᠡᠷ ᠵᠢᠷᠤᠭ ᠤᠨ ᠪᠦᠳᠣᠴᠡ ᠶᠢ ᠪᠣᠢ ᠪᠣᠯᠭᠠᠵᠡᠢ᠃

ᠨᠠᠢ᠍ᠮᠠᠨ ᠬᠤᠰᠢᠭᠤᠨ ᠤ ᠪᠠᠷ ᠵᠢᠷᠤᠭ ᠤᠨ ᠬᠦᠷᠢᠶᠡᠯᠡᠩ ᠨᠢ ᠣᠳᠣᠬᠠᠨ ᠳᠤ ᠮᠠᠨ ᠤ ᠣᠷᠣᠨ ᠤ ᠴᠣᠷ ᠤᠨ ᠭᠠᠭᠴᠠ ᠲᠣᠰᠬᠠᠶ ᠪᠠᠷ ᠵᠢᠷᠤᠭ ᠤᠨ ᠵᠤᠬᠢᠶᠠᠨ ᠪᠦᠳᠣᠭᠡᠬᠦ ᠪᠣᠯᠪᠠᠰᠣᠷᠠᠯ ᠤᠨ ᠰᠠᠭᠤᠷᠢᠨ ᠪᠤᠯᠵᠤ ᠵᠤᠬᠢᠶᠠᠨ ᠪᠦᠳᠣᠭᠡᠬᠦ᠂ ᠪᠣᠯᠪᠠᠰᠣᠷᠠᠯ ᠬᠦᠷᠳᠡᠬᠡᠬᠦ᠂ ᠬᠤᠷᠢᠶᠠᠨ ᠬᠠᠳᠠᠭᠠᠯᠠᠬᠤ᠂ ᠲᠡᠯᠬᠡᠨ ᠦᠵᠡᠬᠦᠯᠬᠦ ᠵᠢᠴᠢ ᠲᠠᠪᠳᠠᠨ ᠪᠣᠯᠪᠠᠰᠣᠷᠠᠭᠤᠯᠬᠤ ᠶᠢ ᠨᠢᠬᠡ ᠴᠣᠭᠴᠠᠵᠢᠯᠠᠭᠰᠠᠨ ᠰᠣᠶᠣᠯ ᠤᠨ ᠠᠵᠣ ᠣᠢᠯᠡᠰ ᠤᠨ ᠬᠡᠯᠬᠢᠶ᠎ᠠ ᠶᠢ ᠠᠩᠬ᠎ᠠ ᠠᠯᠬᠤᠮ ᠪᠣᠢ ᠪᠣᠯᠭᠠᠵᠣ᠂ ᠨᠠᠢ᠍ᠮᠠᠨ ᠤ ᠶᠡᠭᠡ ᠡᠯᠡᠰᠣᠨ ᠪᠠᠷ ᠵᠢᠷᠤᠭ ᠤᠨ ᠵᠤᠬᠢᠶᠠᠨ ᠪᠦᠳᠦᠬᠡᠯᠬᠡ ᠶᠢᠨ ᠬᠢᠷᠢ ᠲᠦᠪᠰᠢᠨ ᠪᠠ ᠨᠡᠷ᠎ᠡ ᠠᠯᠳᠠᠷ ᠢ ᠶᠡᠬᠡᠪᠡᠷ ᠮᠠᠨᠳᠣᠭᠤᠯᠵᠣ᠂ ᠶᠡᠭᠡ ᠬᠡᠮᠵᠢᠶᠡᠨ ᠦ ᠣᠯᠣᠰ ᠤᠨ ᠲᠣᠳᠣᠭᠠᠳᠣ ᠭᠠᠳᠠᠭᠠᠳᠣ ᠶᠢᠨ ᠪᠠᠷ ᠵᠢᠷᠣᠭᠴᠢᠨ ᠵᠢᠴᠢ ᠣᠷᠠᠨ ᠵᠢᠷᠤᠭ ᠤᠨ ᠡᠳᠡᠭᠡᠳ ᠦᠨ ᠬᠢᠨ ᠢ ᠬᠦᠳᠦᠯᠦᠨ ᠠᠪᠴᠢᠷᠠᠵᠣ ᠬᠠᠷᠢᠯᠴᠠᠨ ᠰᠣᠯᠢᠯᠴᠠᠭ᠎ᠠ ᠬᠢᠵᠣ ᠪᠠᠢᠨ᠎ᠠ᠃

 

通辽奈曼版画闪耀米兰世博会 科尔沁文化走向全球

2015年意大利米兰世博会,版画家安广有、高鹏在内蒙古奈曼旗旗委宣传部推荐和北京奈曼部落文化发展有限公司的支持下参展米兰世博会。

世博会是各国文化与艺术交流传播的盛会,人民日报海外网对版画家代表安广有、高鹏和北京奈曼部落文化发展有限公司总经理黄学礼进行了专访。

代表奈曼画院参展世博会的安广有介绍说:奈曼版画起始于上世纪70年代,是“科尔沁版画”的重要组成部分,奈曼版画具有宽厚的大漠气势,浓郁的蒙古族文化无素,特有的地域风情,笔法简练,意趣质朴,内涵深刻,在版画界有着较高声誉。奈曼版画创作队伍不断壮大从上世纪50年代初的仅四、五个人,发展到今天四、五十人,辐射带动1500余人。当地中小学生美术课程也对版画进行教学,培养学生对艺术的创作,德智体美全面发展。

随着奈曼大漠版画在版画界的影响日益扩大,与深圳观澜版画创作基地,建立了合作关系,重点打造“南有观澜、北有奈曼”的版画格局。奈曼旗依托奈曼画院的版画创作基地优势,基地的建成使用,将为奈曼版画的发展创造良好的条件,必将为奈曼版画走向全国、乃至走向世界奠定坚实的基础。

近年来,在旗委、政府的高度重视与热切关怀下,奈曼版画创作队伍不断壮大,2009年成立了奈曼画院。奈曼画院是目前内蒙古自治区唯一一家专业版画创作培训基地。大力培育并初步形成了集创作、加工、收藏展销及培训为一体的文化产业链条,大大提升了奈曼大漠版画的创作水平和知名度,吸引了大量国内外版画及美术界知名人士前来创作、交流。

版画家高鹏介绍说:感谢奈曼旗旗委和政府对参展米兰世博会重视和推荐能够把自己的作品展示,同时和安广有老师得到意中联合馆的领导的支持和肯定,参展前2位创作大尺寸版画也展示在米兰世博会上。

本次参展活动负责人苏保良说:参展作品代表了美好寓意和代表民族特色和文化,作品代表了进步、友谊、向前发展,得到了国内外友人欣赏和认可。2位版画家对创作开阔了眼界和激发创作热情,在以后的创作中思想、构图、内容和技法上有很好的提升和帮助。让大家更容易认识、理解版画。

黄学礼总经理说,内蒙古不仅有丰富的农牧产品,更能代表内蒙文化艺术的就是奈曼版画,公司不仅做好农副产品和观光牧业,将会打造平台推广版画文化,内蒙不仅有牛羊肉,更有精神食粮版画。著名画家崔自默博士非常认可2位版画家的作品,版画艺术可打造高度。携手往前迈一步共同打造版画的美好明天。

 
 
Posted in ᠰᠤᠶᠤᠯ ᠤᠷᠠᠯᠢᠭ |文化信息 and tagged .