ᠠᠯᠠᠱᠠ ᠮᠠᠯᠴᠢᠳ ᠤᠨ ᠲᠡᠮᠡᠭᠡ ᠪᠠᠷᠢᠬᠤ ᠤᠴᠢᠷ 阿拉善牧民套骆驼技巧

ᠠᠯᠠᠱᠠ ᠮᠠᠯᠴᠢᠳ ᠤᠨ ᠲᠡᠮᠡᠭᠡ ᠪᠠᠷᠢᠬᠤ ᠤᠴᠢᠷ

ᠠᠯᠠᠱᠠ ᠮᠠᠯᠴᠢᠳ ᠤᠨ ᠲᠡᠮᠡᠭᠡ ᠪᠠᠷᠢᠬᠤ ᠤᠴᠢᠷ ᠵᠣᠬᠢᠶᠠᠭᠴᠢ᠄ ᠤᠶᠤᠨᠴᠢᠮᠡᠭ ᠮᠤᠨᠭᠭᠤᠯᠴᠤᠳ ᠬᠠᠮᠤᠭ ᠨᠠᠭᠠᠳᠦ ᠵᠠᠬ᠎ᠠ ᠳ᠋ᠠᠭᠠᠨ ᠭᠡᠳᠤᠨ ᠮᠢᠩᠭᠠᠨ ᠵᠢᠯ ᠤᠨ ᠡᠮᠤᠨ᠎ᠠ ᠡᠴᠠ ᠵᠡᠷᠯᠢᠭ ᠲᠡᠮᠡᠭᠡ ( ᠬᠠᠪᠳᠠᠭᠠᠢ) ᠶᠢ ᠭᠠᠷᠰᠢᠭᠤᠯᠵᠤ᠂ ᠮᠠᠯᠯᠠᠵᠦ ᠢᠷᠡᠭᠰᠡᠨ ᠲᠡᠤᠬᠡ ᠲᠠᠢ ᠪᠤᠯ ᠲᠡᠷᠡ ᠲᠤᠮᠳᠠ ᠡᠴᠠ ᠠᠯᠠᠱᠠ ᠮᠤᠩᠭᠤᠯᠴᠤᠳ ᠤᠨ ᠲᠡᠮᠡᠬᠡ ᠮᠠᠯᠵᠢᠬᠤ ᠦᠢᠯᠡᠳᠪᠦᠷᠢᠯᠡᠯ ᠠᠮᠢᠳᠤᠷᠠᠯ ᠤᠨ ᠰᠤᠶᠤᠯ ᠵᠠᠩᠰᠢᠯ ᠨᠢ ᠤᠷᠤᠨ ᠨᠤᠳᠤᠭ ᠬᠡᠰᠡᠨ ᠦᠪᠡᠷᠮᠢᠴᠡ ᠤᠨᠴᠠᠯᠢᠭ ᠲᠠᠢ ᠪᠠᠢᠳᠠᠬ᠃ ᠡ᠊ᠨᠳᠡ ᠠᠯᠠᠱᠠ ᠨᠤᠳᠤᠭ ᠤᠨ ᠮᠠᠯᠴᠢᠳ ᠤᠨ ᠲᠡᠮᠡᠬᠡ ᠪᠠᠷᠢᠬᠤ ᠠᠷᠭ᠎ᠠ ᠵᠠᠩᠰᠢᠯ ᠤᠨ ᠲᠠᠯ᠎ᠠ ᠪᠠᠷ ᠲᠦᠬᠦᠮ ᠲᠠᠨᠢᠯᠴᠠᠭᠤᠯᠤᠶ᠎ᠠ᠃ ᠤᠷᠬ᠎ᠠ ᠪᠠᠷ ᠪᠠᠷᠢᠬᠤ᠄ ᠬᠤᠳᠳᠤᠬ ᠤᠰᠤᠨ ᠳ᠋ᠤᠨᠢ ᠤᠷᠬ᠎ᠠ ᠲᠠᠯᠪᠢᠵᠤ ᠲᠡᠮᠡᠭᠡ ᠶᠢ ᠤᠭᠤᠰᠤᠷᠯᠠᠬᠤ᠃ ᠤᠷᠤᠭ᠎ᠠ ᠲᠤᠭᠰᠢᠨ ᠠᠷᠳᠠᠬ ᠡᠮᠨᠢᠭ ᠲᠡᠮᠡᠭᠡ ᠶᠢ ᠪᠠᠷᠢᠬᠤ ᠳ᠋ᠤ ᠤᠷᠤᠰᠬᠠᠯ ᠤᠰᠤᠨ ᠤ ᠵᠠᠬ᠎ᠠ ᠬᠥᠪᠡᠭᠡ᠂ ᠵᠠᠮ ᠪᠤᠶᠤ ᠬᠤᠳᠳᠤᠬ ᠤᠨ ᠤᠩᠭᠤᠴᠠ ᠶᠢᠨ ᠲᠡᠷ᠎ᠠ ᠬᠠᠪᠢ ᠭᠠᠵᠠᠷ ᠲᠤ ᠤᠷᠳᠤ ᠲᠡᠭᠡᠰᠤ ( ᠵᠢᠷᠭᠤᠭᠠᠨ ᠠᠯᠳᠠ ᠭᠤᠷᠮᠤᠰᠤᠨ ᠲᠡᠭᠡᠰᠤ) ᠶᠢᠨ ᠨᠢᠭᠡ ᠥᠵᠤᠬᠦᠷ ᠲᠤ ᠲᠡᠮᠡᠭᠡᠨ ᠦ ᠲᠠᠪᠠᠬ ᠪᠠᠭᠳᠠᠬᠤ ᠭᠡᠮᠵᠢᠶᠠᠨ ᠤ ᠭᠤᠭᠴᠤᠭ᠎ᠠ ᠭᠠᠷᠭᠠᠵᠤ ᠭᠠᠵᠠᠷ ᠲᠤ ᠨᠢᠮᠭᠡᠨ ᠪᠤᠯᠠᠵᠤ᠂ ᠪᠠᠷᠢᠬᠤ ᠲᠡᠮᠡᠭᠡ ᠲᠠᠯᠪᠢᠭᠰᠠᠨ ᠤᠷᠬ᠎ᠠ ᠲᠡᠭᠡᠷ᠎ᠠ ᠬᠢᠰᠬᠢᠬᠦ ᠲᠡᠢ ᠵᠡᠷᠭᠡ ᠤᠷᠬ᠎ᠠ ᠪᠠᠨ ᠤᠭᠵᠤᠮ ᠲᠡᠭᠡᠭᠰᠢ ᠲᠠᠳᠠᠵᠤ᠂ ᠨᠠᠷᠢᠨ ᠰᠢᠯᠪᠢ ᠪᠠᠷ ᠨᠢ ᠤᠭᠤᠰᠤᠷᠯᠠᠨ ᠠᠪᠴᠤ ᠲᠠᠳᠠᠨ ᠭᠡᠪᠳᠡᠬᠦᠯᠵᠤ ᠪᠤᠷᠠᠨᠳᠠᠭᠯᠠᠬᠤ᠂ ᠨᠤᠭᠳᠤᠯᠠᠬᠤ᠂ ᠪᠤᠶᠢᠯᠠᠯᠠᠬᠤ᠂ ᠲᠥᠷᠤᠯᠡᠬᠦ᠂ ᠬᠥᠵᠤᠬᠦᠪᠴᠢᠯᠡᠬᠦ ᠵᠡᠷᠭᠡ ᠠᠷᠭ᠎ᠠ ᠪᠠᠷ ᠤᠭᠤᠰᠤᠷᠯᠠᠵᠤ ᠪᠠᠶᠢᠳᠠᠬ᠃ ᠴᠡᠯᠮᠡᠳᠡᠵᠤ ᠪᠠᠷᠢᠬᠤ᠄ ᠤᠷᠳᠤ ᠲᠡᠭᠡᠰᠤ ᠪᠠᠷ ᠲᠡᠮᠡᠭᠡᠨ ᠦ ᠲᠤᠯᠤᠭᠠᠢ ᠶᠢ ᠴᠡᠯᠮᠡᠳᠡᠨ ᠪᠠᠷᠢᠬᠤ᠃ ᠪᠡᠯᠴᠢᠭᠡᠷ ᠪᠤᠶᠤ ᠬᠤᠳᠠᠨ ᠳ᠋ᠤ ᠪᠠᠷᠢᠬᠤ ᠲᠡᠮᠡᠭᠡ ᠪᠡᠨ ᠤᠯᠠᠨ ᠲᠡᠮᠡᠭᠡᠳ ᠦᠨ ᠲᠤᠮᠳᠠ ᠡᠴᠠ ᠭᠠᠭᠴᠠᠭᠠᠷ ᠢ ᠲᠠᠭᠤᠵᠤ ᠤᠢᠷᠠᠳᠤᠨ ᠤᠴᠢᠭᠠᠳ᠂ ᠪᠡᠯᠡᠨ ᠪᠤᠯᠭᠠᠭᠰᠠᠨ ᠴᠡᠯᠮ᠎ᠠ ᠪᠠᠨ ᠡᠪᠳᠡᠢ ᠲᠤᠭᠤᠢᠯᠠᠨ ᠡᠪᠭᠡᠨ ᠪᠠᠷᠢᠵᠤ᠂ ᠪᠡᠶ᠎ᠠ ᠪᠠᠨ ᠲᠡᠯᠳᠠᠯᠠᠨ ᠭᠡᠳᠡᠰᠬᠢᠨ ᠪᠠᠢᠵᠦ ᠲᠡᠮᠡᠭᠡᠨ ᠦ ᠲᠤᠯᠤᠭᠠᠢ ᠥᠭᠡᠳᠡ ᠤᠨᠤᠪᠴᠢᠳᠠᠢ ᠴᠡᠯᠮᠡᠳᠠᠵᠤ ᠤᠷᠤᠭᠤᠯᠬᠤ ᠶᠢᠨ ᠵᠡᠷᠭᠡᠪᠡᠷ ᠢᠳᠠᠯᠠᠨ ᠲᠠᠳᠠᠵᠤ ᠵᠤᠭᠰᠤᠭᠠᠭᠠᠳ ᠰᠠᠶᠢ ᠪᠠᠷᠢᠳᠠᠬ᠃ ᠲᠡᠬᠦᠨ ᠦ ᠬᠢᠴᠡ ᠨᠢ ᠨᠠᠷᠠᠯᠢᠬ ᠰᠢᠬ᠂ ᠭᠡᠷᠡᠭᠯᠡᠬᠦ ᠳ᠋ᠤ ᠨᠡᠯᠢᠶᠡᠳ ᠡᠪᠳᠡᠢ ᠪᠠᠢᠵᠦ᠂ ᠨᠢᠭᠡ ᠥᠵᠤᠬᠦᠷ ᠲᠡᠭᠡᠨ ᠪᠢᠳᠡᠬᠦᠤ ᠭᠤᠭᠴᠤᠭ᠎ᠠ ( ᠭᠠᠷᠬ᠎ᠠ ᠴᠠᠭᠠᠷᠢᠬ ᠭᠡᠯᠪᠡᠷᠢᠳᠠᠢ ᠲᠡᠮᠤᠷ ᠭᠤᠭᠴᠤᠭ᠎ᠠ)  ᠲᠠᠢ᠂ ᠵᠢᠷᠭᠤᠭᠠᠨ ᠠᠯᠳᠠ ᠤᠷᠳᠤ᠃ ᠮᠤᠷᠢ ᠪᠤᠶᠤ ᠲᠡᠮᠡᠭᠡᠨ ᠦ ᠰᠤᠷ ᠬᠢᠯᠭᠠᠰᠤᠨ ᠨᠤᠤᠰᠤ᠂ ᠵᠤᠭᠳᠤᠷ ᠨᠤᠤᠰᠤ ᠶᠢ ᠡᠷᠴᠢᠳᠡᠢ ᠲᠡᠮᠤᠵᠤ ᠭᠤᠷᠪᠠᠨ ᠮᠤᠰᠬᠢᠶ᠎ᠠ ᠪᠠᠷ ᠬᠢᠳᠡᠭ᠃ ᠨᠥᠬᠦᠭᠡ ᠨᠢ᠂ ᠵᠠᠳᠠᠭᠠᠢ ᠴᠡᠯᠮ᠎ᠠ ᠭᠡᠳᠡᠭ᠃ ᠬᠤᠶᠠᠷ ᠥᠵᠤᠬᠦᠷ ᠢ ᠵᠡᠷᠭᠡᠪᠡᠷ ᠬᠤᠮᠢᠨ ᠠᠳᠬᠤᠵᠤ᠂ ᠪᠠᠷᠢᠬᠤ ᠲᠡᠮᠡᠭᠡᠨ ᠦ ᠢᠶᠡᠨ ᠵᠠᠬ᠎ᠠ ᠳ᠋ᠤ ᠬᠥᠷᠤᠮᠡᠭᠴᠡ ᠰᠢᠭᠤᠳ ᠲᠡᠮᠡᠭᠡᠨ ᠲᠤᠯᠤᠭᠠᠢ ᠥᠭᠡᠳᠡ ᠴᠡᠯᠮᠡᠳᠡᠵᠤ ᠪᠠᠷᠢᠳᠠᠬ᠃ ᠵᠡᠭᠡᠭᠯᠡᠵᠤ ᠪᠠᠷᠢᠬᠤ᠄ ᠤᠷᠳᠤ ᠲᠡᠭᠡᠰᠤ ᠪᠠᠷ ᠭᠡᠷᠤᠭᠡᠰᠤᠯᠡᠵᠤ ᠪᠠᠷᠢᠬᠤ᠃ ᠠᠷᠳᠠᠬ ᠲᠤᠭᠰᠢᠨ ᠲᠡᠮᠡᠭᠡᠳ ᠢ ᠬᠤᠳᠠ ᠪᠤᠶᠤ ᠪᠠᠢᠷᠠᠨ ᠳ᠋ᠤᠨᠢ ᠪᠠᠷᠢᠬᠤ ᠳ᠋ᠠᠭᠠᠨ ᠪᠠᠷᠤᠬ ᠵᠡᠭᠡᠭᠯᠡᠬᠦ ᠠᠷᠭ᠎ᠠ ᠶᠢ ᠭᠡᠷᠡᠭᠯᠡᠳᠡᠭ᠃ ᠬᠥᠮᠤᠰ ᠤᠷᠳᠤ ᠲᠡᠭᠡᠰᠤᠨ ᠤ ᠥᠵᠤᠬᠦᠷ ᠡᠴᠠ ᠪᠠᠷᠢᠵᠤ᠂ ᠪᠠᠷᠢᠬᠤ ᠲᠡᠮᠡᠭᠡᠨ ᠦ ᠢᠶᠡᠨ ᠬᠣᠢᠨ᠎ᠠ ᠡᠴᠠ ᠰᠡᠮᠡᠭᠡᠷ ᠲᠠᠭᠤᠵᠤ ᠤᠢᠷᠠᠳᠤᠨ ᠬᠥᠷᠬᠦ ᠲᠡᠢ ᠵᠡᠷᠭᠡ ᠡᠮᠤᠨ᠎ᠠ ᠡᠴᠠ ᠨᠢ ᠨᠢᠭᠡ ᠬᠥᠮᠤᠨ ᠬᠠᠰᠢᠵᠤ ᠪᠤᠴᠠᠭᠠᠬᠤ ᠳ᠋ᠤ ᠲᠡᠷᠡ ᠲᠡᠮᠡᠭᠡ ᠭᠡᠳᠡᠷᠬᠦᠤ ᠡᠷᠬᠢᠬᠦ ᠶᠢᠨ ᠰᠡᠴᠡᠭᠤ ᠲᠡᠭᠡᠰᠤ ᠪᠠᠨ ᠲᠡᠭᠡᠭᠰᠢ ᠡᠷᠬᠦᠵᠤ᠂ ᠰᠢᠯᠢᠨ ᠬᠥᠵᠤᠬᠦᠤ ᠪᠠ ᠲᠥᠷᠪᠡᠨ ᠬᠥᠯ ᠦᠨ ᠬᠢᠨᠢ ᠰᠢᠯᠪᠢ ᠪᠠᠷ ᠰᠤᠯᠪᠢᠴᠢᠯᠠᠨ ᠤᠷᠢᠶᠠᠵᠤ ᠪᠠᠷᠢᠳᠠᠬ᠃ ᠪᠠᠰᠠ ᠪᠥᠳᠤᠬᠦᠨ ᠨᠤᠮᠤᠬᠠᠨ ᠬᠥᠯᠪᠤᠷᠢ ᠲᠡᠮᠡᠭᠡ ᠪᠠ ᠤᠨᠤᠭᠠᠨ ᠤ ᠲᠡᠮᠡᠭᠡ ᠪᠡᠨ ᠲᠤᠱᠠᠬᠤ᠂ ᠴᠤᠮᠤᠬᠤ ᠠᠷᠭ᠎ᠠ ᠪᠠᠷ ᠪᠠᠳᠤ ᠪᠥᠭᠡ ᠵᠤᠭᠰᠤᠭᠠᠭᠠᠳ᠂ ᠪᠥᠳᠤᠬᠦᠨ ᠴᠡᠭᠡᠵᠢ ᠪᠡᠷ ᠨᠢ ᠤᠷᠳᠤ ᠲᠡᠭᠡᠰᠤᠨ ᠤ ᠪᠠᠨ ᠨᠢᠭᠡ ᠥᠵᠤᠬᠦᠷ ᠢ ᠬᠥᠪᠤᠷᠭᠡᠢ ᠵᠠᠩᠬᠢᠯᠠᠭ᠎ᠠ ᠤᠶᠠᠭ᠎ᠠ ᠪᠠᠷ ᠤᠶᠠᠵᠤ᠂ ᠨᠥᠬᠦᠭᠡ ᠥᠵᠤᠬᠦᠷ ᠡᠴᠠ ᠨᠢ ᠬᠥᠮᠤᠨ ᠪᠠᠷᠢᠵᠤ ᠲᠡᠯᠳᠠᠯᠠᠨ ᠪᠠᠢᠬᠤ ᠳ᠋ᠤ ᠪᠠᠷᠢᠬᠤ ᠲᠡᠮᠡᠭᠡ ᠶᠢ ᠪᠠᠰᠠ ᠨᠢᠭᠡ ᠬᠥᠮᠤᠨ ᠲᠠᠭᠤᠵᠤ ᠪᠡᠯᠡᠳᠭᠡᠭᠰᠡᠨ ᠵᠡᠭᠡᠭ ᠲᠦ ᠤᠷᠤᠭᠤᠯᠤᠮᠠᠭᠴᠠ ᠬᠤᠷᠳᠤᠨ ᠲᠥᠷᠭᠡᠨ ᠵᠡᠭᠡᠭ ᠢᠶᠡᠨ ᠴᠢᠩᠭᠠᠯᠠᠨ ᠲᠡᠳᠠᠵᠤ᠂ ᠲᠤᠱᠠ ᠲᠠᠢ ᠲᠡᠮᠡᠭᠡ ᠶᠢ ᠴᠤᠬ ᠲᠤᠨᠢ ᠵᠡᠭᠡᠭᠯᠡᠵᠤ ( ᠤᠷᠢᠶᠠᠵᠤ) ᠪᠠᠷᠢᠳᠠᠬ᠃ ᠬᠤᠢᠪᠠᠳᠠᠵᠦ ᠪᠠᠷᠢᠬᠤ᠄ ᠡᠲᠯᠡᠭᠡᠭᠡ ᠤᠨᠤᠯᠭ᠎ᠠ ᠳ᠋ᠤ ᠭᠠᠷᠰᠢᠭᠤᠯᠤᠭᠰᠠᠨ ᠠᠶᠠᠨ ᠵᠢᠩ ᠤᠨ ᠲᠡᠮᠡᠭᠡᠨ ᠪᠤᠶᠤ ᠤᠰᠤ ᠲᠥᠯᠡᠭᠡ᠂ ᠭᠡᠷ ᠬᠥᠰᠭᠡ ᠵᠥᠭᠡᠭᠡᠪᠤᠷᠢᠯᠡᠬᠦ᠂ ᠤᠳᠤᠷ ᠨᠡᠬᠦᠳᠡᠯ ᠦᠨ ᠭᠠᠭᠴᠠ ᠬᠤᠶᠠᠷ ᠬᠥᠯᠪᠤᠷᠢ ᠤᠨᠤᠭ᠎ᠠ ᠵᠠᠷᠢᠮ ᠳ᠋ᠠᠭᠠᠨ ᠬᠢᠯᠪᠠᠷᠬᠠᠨ ᠪᠠᠷᠢᠭᠳᠠᠬᠤ ᠥᠭᠡᠢ ᠮᠥᠷᠳᠡᠭᠡᠨ ᠬᠠᠮᠠᠷ ᠢᠶᠠᠨ ᠥᠭᠬᠦ ᠪᠡᠷ ᠮᠠᠭᠤ ᠲᠡᠮᠡᠭᠡᠳ ᠢ ᠬᠤᠳᠠ ᠪᠠ ᠤᠰᠤᠨ ᠳ᠋ᠤᠨᠢ ᠪᠠᠢᠬᠤ ᠶᠢ ᠲᠤᠬᠢᠶᠠᠯᠳᠤᠭᠤᠯᠤᠨ᠂ ᠪᠤᠷᠠᠨᠳᠠᠬ ᠢᠶᠠᠨ ᠬᠤᠮᠢᠵᠤ ᠪᠠᠷᠢᠨ ᠠᠷᠤ ᠳ᠋ᠠᠭᠠᠨ ᠨᠢᠭᠤᠨ ᠲᠠᠯᠳᠠᠯᠠᠵᠤ᠂ ᠰᠡᠮᠡᠭᠡᠷ ᠬᠥᠩᠭᠡᠨ ᠠᠯᠬᠤᠭᠰᠠᠭᠠᠷ ᠬᠠᠵᠠᠭᠤ ᠲᠡᠷᠭᠡᠳᠡ ᠨᠢ ᠬᠥᠷᠤᠭᠡᠳ ᠨᠡᠷ᠎ᠠ ᠬᠤᠴᠢ ᠪᠠᠷ ᠨᠢ ᠲᠠᠭᠤᠳᠠᠵᠤ᠂ ᠢᠯᠢᠵᠤ ᠮᠠᠭᠠᠵᠢᠨ ᠡᠷᠭᠡᠯᠡᠬᠦᠯᠵᠤ ᠤᠯᠠᠮ ᠢᠶᠠᠷ ᠤᠷᠤᠭᠰᠢ ᠠᠬᠢᠵᠤ᠂ ᠪᠤᠷᠠᠨᠳᠠᠬ ᠢᠶᠠᠨ ᠰᠢᠯᠢᠨ ᠬᠥᠵᠤᠬᠦᠨ ᠲᠡᠭᠡᠬᠦᠷ ᠨᠢ ᠲᠤᠬᠤᠬᠤ ᠵᠠᠭᠤᠷ᠎ᠠ ᠪᠠᠨ ᠱᠤᠭᠰᠢᠷᠠᠨ ᠪ ᠪᠠᠢᠵᠦ ᠠᠭᠠᠵᠢᠮ ᠢᠶᠠᠷ ᠤᠷᠤᠭᠰᠢ ᠠᠬᠢᠭᠤᠯᠤᠭᠰᠠᠭᠠᠷ ᠬᠤᠤᠷᠭᠠᠰᠤᠨ ᠬᠠᠮᠠᠷ ᠲᠡᠭᠡᠷ᠎ᠠ ᠬᠥᠷᠬᠦ ᠲᠡᠢ ᠵᠡᠷᠭᠡ ᠪᠤᠷᠠᠨᠳᠠᠬ ᠤᠨ ᠬᠤᠶᠠᠷ ᠥᠵᠤᠬᠦᠷ ᠡᠴᠠ ᠵᠡᠷᠭᠡᠪᠡᠷ ᠲᠤᠷᠤᠭᠰᠢ ᠪᠥᠬᠦᠢᠯᠭᠡᠵᠤ᠂ ᠪᠤᠢᠯᠠ ᠡᠴᠠ ᠨᠢ ᠪᠠᠷᠢᠵᠤ ᠪᠤᠷᠠᠨᠳᠠᠭᠯᠠᠳᠠᠬ ᠪᠤᠶᠤ ᠪᠤᠷᠠᠨᠳᠠᠬ ᠤᠨ ᠬᠤᠶᠠᠷ ᠥᠵᠤᠬᠦᠷ ᠡᠴᠠ ᠪᠠᠷᠢᠵᠤ ᠴᠡᠯᠮᠡᠳᠠᠬᠤ ᠮᠠᠶᠢᠬ ᠲᠠᠢ ᠲᠤᠭᠤᠢᠯᠠᠨ ᠴᠤᠬᠢᠵᠤ ᠪᠠᠷᠢᠬᠤ ᠶᠢ ᠡ᠊ᠨᠳᠡᠬᠢ ᠮᠠᠯᠴᠢᠳ ᠲᠡᠮᠡᠭᠡ ᠬᠤᠢᠪᠢᠳᠠᠵᠦ ᠪᠠᠷᠢᠬᠤ ᠭᠡᠳᠡᠭ᠃ ᠲᠡᠮᠡᠭᠡ ᠶᠡᠷᠤ ᠡᠴᠠ ᠬᠤᠳᠠ ᠬᠠᠰᠢᠶ᠎ᠠ᠂ ᠬᠤᠳᠳᠤᠬ ᠤᠰᠤ᠂ ᠬᠠᠭᠤᠴᠢᠨ ᠪᠠᠭᠤᠳᠠᠯ᠂ ᠥᠨᠡᠰᠤ ᠶᠢᠨ ᠤᠪᠤᠭ᠎ᠠ᠂ ᠤᠶᠠᠭ᠎ᠠ ᠱᠤᠩ ᠵᠡᠷᠭᠡ ᠭᠠᠵᠠᠷ ᠲᠤ ᠭᠡᠪᠳᠡᠬᠦ᠂ ᠬᠥᠯᠪᠡᠷᠢᠬᠦ ᠲᠤᠷᠠᠳᠠᠢ ᠪᠠᠢᠲᠠᠭ ᠪᠥᠭᠡᠳ ᠲᠡᠵᠢᠭᠡᠯ ᠪᠤᠷᠳᠤᠭ᠎ᠠ ᠬᠤᠵᠢᠷ ᠲᠠᠪᠤᠰᠤ ᠥᠭᠬᠦ ᠵᠡᠷᠭᠡ ᠤᠷᠴᠢᠨ ᠲᠤᠭᠤᠷᠢᠨ ᠳ᠋ᠤ ᠲᠡᠮᠡᠭᠡ ᠶᠢ ᠨᠡᠷ᠎ᠠ ᠬᠤᠴᠢ ᠪᠠᠷ ᠲᠠᠭᠤᠳᠠᠨ ᠢᠷᠡᠬᠦᠯᠵᠤ ᠰᠤᠷᠭᠠᠬᠤ᠂ ᠰᠤᠯᠠ ᠰᠥᠬᠦᠯᠡᠵᠤ ᠭᠡᠪᠳᠡᠬᠦᠯᠵᠤ ᠰᠤᠷᠭᠠᠬᠤ᠂ ᠪᠠᠷᠢᠵᠤ ᠭᠠᠷᠰᠢᠭᠤᠯᠵᠤ ᠰᠤᠷᠭᠠᠬᠤ ᠰᠠᠢᠨ ᠲᠤᠬᠢᠶᠠᠯ ᠮᠥᠨ᠃ ᠲᠡᠮᠡᠭᠡ ᠶᠢ ᠪᠠᠭ᠎ᠠ ᠨᠠᠰᠤᠨ ( ᠪᠤᠳᠤᠭᠤ ᠲᠤᠷᠤᠮ) ᠳ᠋ᠤᠨᠢ ᠲᠠᠰᠬᠠᠵᠤ ᠭᠠᠷᠰᠢᠭᠤᠯᠬᠤ᠂ ᠤᠶᠠᠵᠤ ᠠᠷᠭᠠᠮᠵᠢᠬᠤ᠂ ᠲᠠᠪᠠᠬᠠᠢᠯᠠᠬᠤ ᠰᠢᠯᠪᠢᠳᠡᠬᠦ᠂ ᠡᠪᠤᠳᠥᠭᠯᠡᠬᠦ᠂ ᠨᠤᠭᠳᠤᠯᠠᠬᠤ᠂ ᠬᠥᠳᠤᠯᠬᠦ ᠵᠡᠷᠭᠡᠪᠡᠷ ᠰᠠᠢᠨ ᠵᠠᠩ ᠵᠠᠩᠰᠢᠯ ᠢ ᠬᠠᠯᠠᠰᠢᠷᠠᠯ ᠥᠭᠡᠢ ᠰᠤᠷᠭᠠᠪᠠᠯ ᠬᠤᠵᠢᠮ ᠳ᠋ᠠᠭᠠᠨ ᠲᠡᠰᠪᠤᠷᠢ ᠲᠠᠢ᠂ ᠨᠤᠮᠤᠬᠠᠨ ᠲᠡᠮᠡᠭᠡ ᠪᠤᠯᠳᠠᠬ ᠶᠤᠮ᠃ ( ᠢᠷᠡᠯᠲᠡ᠄ ᠠᠯᠠᠱᠠ ᠶᠢᠨ ᠮᠣᠩᠭᠣᠯ ᠰᠦᠯᠵᠢᠶ᠎ᠡ )
Posted in ᠠᠮᠢᠳᠤᠷᠠᠯ ᠤᠨ ᠬᠠᠨᠢ|生活之友 and tagged .