《 ᠬᠠᠢᠷ᠎ᠠ》 ᠲᠡᠯᠡᠭᠡᠢ ᠶᠢᠨ 《 48 ᠴᠠᠭ ᠪᠢᠴᠢᠯ ᠺᠢᠨᠣ᠋ ᠨᠠᠭᠠᠳᠤᠮ》 ᠳ᠋ᠤ ᠤᠷᠤᠯᠴᠠᠬᠤ ᠪᠠᠷ ᠪᠤᠯᠤᠯ᠎ᠠ 微电影《爱》将参加国际《 48小时微电影》节

《 ᠬᠠᠢᠷ᠎ᠠ》 ᠲᠡᠯᠡᠭᠡᠢ ᠶᠢᠨ 《 48 ᠴᠠᠭ ᠪᠢᠴᠢᠯ ᠺᠢᠨᠣ᠋ ᠨᠠᠭᠠᠳᠤᠮ》 ᠳ᠋ᠤ ᠤᠷᠤᠯᠴᠠᠬᠤ ᠪᠠᠷ ᠪᠤᠯᠤᠯ᠎ᠠ

ᠤᠢᠷ᠎ᠠ ᠳ᠋ᠤ᠂ ᠬᠦᠬᠡᠬᠤᠳᠠ ᠶᠢᠨ 《48 ᠴᠠᠭ ᠪᠢᠴᠢᠯ ᠺᠢᠨᠣ᠋ ᠨᠠᠭᠠᠳᠤᠮ 》 ᠲᠡᠬᠦᠰ ᠠᠮᠵᠢᠯᠳᠠᠳᠠᠢ ᠦᠨᠳᠤᠷᠯᠠᠵᠤ᠂ 《ᠶᠢᠰᠤᠨ 》 ᠪᠠᠭ ᠤᠨ ᠵᠤᠬᠢᠶᠠᠵᠤ ᠤᠢᠯᠠᠳᠦᠭᠰᠡᠡ 《ᠬᠠᠢᠷ᠎ᠠ 》 ᠪᠢᠴᠢᠯ ᠺᠢᠨᠣ᠋ ᠡᠨᠡᠬᠦ ᠺᠢᠨᠣ᠋ ᠨᠠᠭᠠᠳᠤᠮ ᠤᠨ ᠬᠠᠮᠤᠭ ᠤᠨ ᠦᠨᠳᠤᠷ ᠱᠠᠩᠨᠠᠯ ᠢ ᠳᠤᠰᠴᠤ᠂ ᠲᠠᠷᠠᠭ᠎ᠠ ᠵᠢᠯ ᠤᠨ 3 ᠰᠠᠷ᠎ᠠ ᠳ᠋ᠤ ᠠᠮᠧᠷᠢᠺᠠ ᠤᠯᠤᠰ ᠲᠤ ᠪᠤᠯᠬᠤ ᠲᠡᠯᠡᠬᠡᠢ ᠶᠢᠨ 《48 ᠴᠠᠭ ᠪᠢᠴᠢᠯ ᠺᠢᠨᠣ ᠨᠠᠭᠠᠳᠤᠮ 》 ᠳ᠋ᠤ ᠤᠷᠤᠯᠴᠠᠬᠤ ᠬᠢᠷᠢ ᠬᠡᠮ ᠢ ᠤᠯᠵᠠᠢ᠃ ᠡᠨᠡᠬᠦ ᠨᠠᠭᠠᠳᠤᠮ ᠨᠢ 48 ᠴᠠᠭ ᠤᠨ ᠬᠢᠵᠠᠭᠠᠷ ᠲᠠᠢ ᠪᠠᠢᠳᠠᠭ ᠤᠨ ᠤᠴᠢᠷ᠂ ᠺᠢᠨᠣ᠋ ᠤᠢᠯᠡᠳᠦᠭᠴᠢᠳ ᠤᠬᠤᠷᠬᠠᠨ 48ᠴᠠᠭ ᠤᠨ ᠳᠤᠳᠤᠷ᠎ᠠ ᠺᠢᠨᠣ᠋ ᠢᠶᠠᠨ ᠪᠦᠳᠤᠬᠡᠵᠤ ᠲᠠᠭᠤᠰᠬᠠᠭᠠᠳ ᠰᠢᠬᠦᠭᠴᠢᠳ ᠲᠦ ᠳᠤᠰᠢᠶᠠᠬᠤ ᠬᠡᠷᠡᠭᠳᠡᠢ ᠳᠤᠯᠠ ᠬᠤᠷᠴᠠ ᠤᠬᠠᠭᠠᠨ᠂ ᠭᠤᠴᠤ ᠠᠪᠢᠶᠠᠰ ᠢ ᠰᠢᠯᠭᠠᠭᠰᠠᠠ ᠲᠡᠯᠡᠬᠡᠢ ᠶᠢᠨ ᠺᠢᠨᠣ᠋ ᠤᠨ ᠪᠠᠷᠢᠮᠵᠢᠶ᠎ᠠ ᠪᠠᠷ ᠱᠠᠭᠠᠷᠳᠠᠭᠰᠠᠠ ᠶᠡᠬᠡ ᠨᠠᠭᠠᠳᠤᠮ ᠪᠤᠯᠤᠨ᠎ᠠ᠃ ᠤᠷᠤᠯᠳᠤᠭᠠᠨ ᠤ ᠤᠷᠤᠯᠴᠠᠭᠰᠠᠳ ᠶᠠᠷᠤᠩᠬᠡᠢ ᠺᠤᠮᠢᠰ ᠡᠴᠠ ᠳᠤᠭᠳᠠᠭᠠᠭᠰᠠᠠ ,ᠨᠦᠬᠦᠷᠯᠠᠯ ᠤᠨ ᠳᠤᠬᠠᠢ ᠺᠢᠨᠣ᠋ 》᠂ 《ᠡᠮᠬᠡᠨᠢᠯᠳᠤ ᠢᠨᠢᠶᠠᠳᠤᠮ 》᠂ 《ᠬᠦᠴᠤᠷᠬᠡᠭ ᠡᠮᠡᠭᠳᠡᠢ ᠶᠢᠨ ᠲᠦᠷᠢ 》᠂ 《ᠬᠠᠢᠷ᠎ᠠ ᠳᠤᠷᠠᠯᠠᠯ 》 ᠬᠡᠬᠦ ᠮᠠᠳᠤ ᠶᠢᠨ 14 ᠠᠭᠤᠯᠭ᠎ᠠ ᠡᠴᠠ ᠰᠢᠪᠠᠭ᠎ᠠ ᠰᠤᠭᠤᠯᠤᠨ ᠤᠷᠤᠯᠴᠠᠳᠠᠭ᠃ ᠮᠦᠨ ᠴᠦ 《ᠸᠠᠩ ᠬᠠᠢ ᠰᠢᠶᠠ 》᠂ 《ᠪᠢ ᠴᠢᠮ᠎ᠠ ᠳ᠋ᠤ ᠬᠡᠵᠢᠶᠠᠳᠠ ᠦᠨᠡᠨᠴᠢ 》᠂ 《ᠰᠠᠪᠬ᠎ᠠ 》 ᠬᠡᠬᠦᠭᠤᠷᠪᠠᠨ ᠰᠡᠳᠤᠪ ᠢ ᠺᠢᠨᠣ᠋ ᠳ᠋ᠠᠭᠠᠨ ᠵᠠᠪᠠᠯ ᠤᠷᠤᠭᠤᠯᠬᠤ ᠶᠢ ᠱᠠᠭᠠᠷᠳᠠᠵᠠᠢ᠃ ᠬᠤᠷᠴᠠ ᠰᠢᠷᠤᠬᠦᠨ ᠦᠷᠢᠰᠦᠯᠳᠤᠬᠡᠨ ᠢᠶᠠᠷ ,《ᠭᠠᠷᠤᠳᠢ 》᠂ 《ᠬᠢᠶᠠᠳ》᠂ 《ᠪᠤᠯᠵᠤᠭ᠎ᠠ 》᠂ 《ᠬᠠᠢᠷ᠎ᠠ 》᠂ 《ᠨᠤᠳᠤᠭ 》᠂ 《ᠵᠡᠬᠦᠳᠤ 》 ᠵᠡᠷᠬᠡ 14 ᠪᠢᠴᠢᠯ ᠺᠢᠨᠣ᠋ ᠬᠠᠮᠤᠭ ᠤᠨ ᠡᠴᠤᠰ ᠤᠨ ᠬᠢᠨᠠᠨ ᠰᠢᠬᠦᠯᠳᠠ ᠶᠢ ᠬᠦᠯᠢᠶᠠᠵᠠᠢ᠃ ᠳᠤᠰ ᠺᠢᠨᠣ᠋ ᠨᠠᠭᠠᠳᠤᠮ ᠢ ᠭᠤᠤᠯᠯᠠᠨ ᠡᠷᠬᠢᠯᠡᠭᠰᠡᠡ ᠦᠪᠤᠷ ᠮᠤᠩᠭᠤᠯ ᠤᠨ ᠺᠢᠨᠣ᠋ ᠤᠨ ᠪᠦᠯᠦᠭᠯᠡᠯ ᠦᠨ ᠲᠦᠯᠦᠬᠡᠯᠡᠭᠴᠢ ᠵᠠᠩ ᡁᠢ ᠵᠢᠶᠦᠨ᠂ ᠺᠢᠨᠣ᠋ ᠨᠠᠭᠠᠳᠤᠮ ᠤᠨ ᠶᠠᠷᠤᠩᠬᠡᠢ ᠵᠠᠬᠢᠷᠭ᠎ᠠ ᠶᠢᠨ ᠲᠦᠯᠦᠬᠡᠯᠡᠭᠴᠢ ᠨᠠᠮᠰᠠᠷᠠᠢ ᠶᠢᠨ ᠴᠤᠭᠳᠤᠪᠠᠶᠠᠷ᠂ ᠮᠤᠩᠭᠤᠯ ᠤᠯᠤᠰ ᠤᠨ ᠨᠠᠷᠠᠳᠤ ᠺᠢᠨᠣ᠋ ᠤᠳᠤᠷᠢᠳᠤᠭᠠᠴᠢ ᠮᠢᠭᠮᠠᠷ᠂ ᠮᠤᠩᠭᠤᠯ ᠦᠨᠳᠤᠰᠤᠳᠠᠨ ᠤ ᠨᠠᠷᠠᠳᠤ ᠳᠤᠭᠯᠠᠭᠴᠢ ᠪᠠᠶᠠᠠᠠᠢᠷᠤᠬᠡᠯ᠂ ᠪᠠᠰᠠᠩ ᠵᠡᠷᠬᠡ ᠬᠦᠮᠤᠰ ᠱᠠᠩᠨᠠᠯ ᠭᠠᠷᠳᠠᠭᠤᠯᠪᠠ᠃ ᠺᠢᠨᠣ᠋ ᠨᠠᠭᠠᠳᠤᠮ ᠳ᠋ᠤ ᠲᠦᠷᠦᠬᠦᠯᠡᠭᠰᠡᠡ 《ᠬᠠᠢᠷ᠎ᠠ 》 ᠺᠢᠨᠣ᠋ ᠨᠢ ᠪᠤᠯᠪᠠᠷᠠᠢ ᠦᠷ᠎ᠠ ᠡᠴᠠ ᠪᠤᠰᠤᠭ᠎ᠠ ᠦᠬᠢᠨ ᠪᠤᠯᠳᠡᠯᠡᠬᠢ ᠶᠠᠪᠤᠴᠠ ᠳ᠋ᠤ ᠡᠬᠡ ᠬᠦᠮᠤᠨ ᠤ ᠦᠷ᠎ᠠ ᠳ᠋ᠡᠭᠡᠨ ᠬᠡᠬᠦ ᠦᠭᠬᠢᠶᠠᠮᠤᠷ᠂ ᠠᠭᠤᠤ ᠬᠠᠢᠷ᠎ᠠ ᠶᠢ ᠲᠦᠷᠰᠤᠯᠠᠨ ᠵᠢᠷᠤᠭᠯᠠᠭᠰᠠᠠ ᠰᠡᠳᠤᠪ ᠲᠠᠢ᠃ ᠺᠢᠨᠣ᠋ ᠨᠢ ᠵᠢᠵᠢᠭᠬᠡᠨ ᠵᠤᠢᠯ ᠢ ᠲᠦᠷᠰᠤᠯᠡᠬᠦ ᠡᠴᠠ ᠭᠠᠷᠳᠠᠨ᠂ ᠡᠨᠡ ᠲᠡᠯᠡᠬᠡᠢ ᠶᠢᠨ ᠬᠠᠮᠤᠭ ᠤᠨ ᠠᠭᠤᠤ ᠵᠤᠢᠯ ︱ ᠡᠬᠡ ᠶᠢᠨ ᠬᠠᠢᠷ᠎ᠠ ᠶᠢ ᠠᠮᠢᠳᠤᠯᠢᠭ᠂ ᠦᠨᠡᠨ ᠪᠤᠳᠠᠳᠠᠢ ᠢᠯᠡᠷᠡᠬᠦᠯᠵᠤ ᠴᠢᠳᠠᠭᠰᠠᠠ ᠪᠦᠬᠡᠳ ᠰᠡᠬᠦᠳᠡᠷᠯᠡᠨ ᠵᠢᠷᠤᠭᠯᠠᠭᠰᠠᠠ ᠮᠡᠷᠬᠡᠵᠢᠯ ᠶᠡᠬᠡ ᠦᠨᠳᠤᠷ ᠲᠦᠪᠰᠢᠨ ᠳ᠋ᠤ ᠬᠦᠷᠴᠤ ᠴᠢᠳᠠᠵᠠᠢ᠃ ᠺᠢᠨᠣ᠋ ᠢ ᠵᠤᠬᠢᠶᠠᠨ ᠪᠦᠳᠤᠬᠡᠭᠰᠡᠡ ᠨᠢ 《ᠶᠢᠰᠤᠨ 》 ᠪᠠᠭ ᠤᠨ ᠳᠤᠯᠤᠭᠠᠨ ᠵᠠᠯᠠᠭᠤ ᠪᠠᠢᠯ᠎ᠠ᠃ ᠤᠨᠴᠠᠭᠠᠢᠯᠠᠨ ᠳᠤᠷᠠᠳᠤᠭᠤᠰᠢᠳᠠᠢ ᠨᠢ᠂ ᠪᠠᠭ ᠤᠨ ᠠᠬᠠᠯᠠᠭᠴᠢ ᠪᠢᠯᠢᠭ ᠡᠨᠡ ᠤᠳᠠᠭᠠᠨ ᠤ ᠺᠢᠨᠣ᠋ ᠨᠠᠭᠠᠳᠤᠮ ᠤᠨ ᠬᠠᠮᠤᠭ ᠤᠨ ᠰᠢᠯᠢᠳᠡᠭ ᠺᠢᠨᠣ᠋ ᠤᠳᠤᠷᠢᠳᠤᠭᠠᠴᠢ ᠶᠢᠨ ᠱᠠᠩᠨᠠᠯ ᠢ ᠳᠤᠰᠤᠭᠰᠠᠠ ᠶᠤᠮ᠃ ᠡᠬᠦᠨ ᠡᠴᠠ ᠭᠠᠳᠠᠨ᠎ᠠ᠂ 《ᠬᠠᠳᠠᠭᠤ ᠳᠤᠭᠯᠠᠭᠠᠮ 》 ᠰᠢᠯᠢᠳᠡᠭ ᠡᠪᠯᠡᠬᠦᠯᠬᠡ ᠶᠢᠨ ᠱᠠᠩᠨᠠᠯ᠂ 《ᠴᠠᠭ ᠤᠨ ᠪᠠᠭᠠᠳᠤᠷ 》 ᠤᠨ ᠺᠢᠨᠣ᠋ ᠤᠨ ᠰᠡᠬᠦᠳᠡᠷᠯᠡᠭᠴᠢ ᠪᠤᠯᠤᠷ ᠰᠢᠯᠢᠳᠡᠭ ᠰᠢᠩᠬᠡᠬᠡᠨ ᠰᠡᠬᠦᠳᠡᠷᠯᠡᠭᠰᠡᠡ ᠱᠠᠩᠨᠠᠯ᠂ 《ᠪᠤᠯᠵᠤᠭ᠎ᠠ 》 ᠺᠢᠨᠣ᠋ ᠤᠨ ᠪᠤᠤ ᠭᠠᠩ ᠰᠢᠯᠢᠳᠡᠭ ᠡᠷᠡᠭᠳᠡᠢ ᠳᠤᠭᠯᠠᠭᠴᠢ ᠶᠢᠨ ᠱᠠᠩᠨᠠᠯ᠂ 《ᠬᠡᠪᠡᠯᠢ ᠳ᠋ᠠᠬᠢ ᠬᠠᠢᠷ᠎ᠠ 》 ᠺᠢᠨᠣ᠋ ᠤᠨ ᠢᠷᠭᠤᠢ ᠡᠮᠡᠭᠳᠡᠢ ᠳᠤᠭᠯᠠᠭᠴᠢ ᠶᠢᠨ ᠱᠠᠩᠨᠠᠯ ᠢ ᠳᠤᠰᠴᠤ᠂ 《Coder》 ᠰᠢᠬᠦᠭᠴᠢᠳ ᠦᠨ ᠲᠠᠭᠠᠰᠢᠶᠠᠯ ᠳ᠋ᠤ ᠬᠦᠷᠦᠭᠰᠡᠡ ᠺᠢᠨᠣ᠋᠂ 《ᠨᠤᠳᠤᠭ 》 ᠦᠵᠡᠭᠴᠢᠳ ᠦᠨ ᠲᠠᠭᠠᠰᠢᠶᠠᠯ ᠳ᠋ᠤ ᠬᠦᠷᠦᠭᠰᠡᠡ ᠺᠢᠨᠣ᠋ ᠢᠶᠠᠷ ᠳᠤᠳᠤᠷᠠᠵᠠᠢ᠃ ᠪᠢᠯᠢᠭ᠌ ᠰᠤᠷᠪᠤᠯᠵᠢᠯᠠᠭ᠎ᠠ ᠬᠦᠯᠢᠶᠠᠬᠦ ᠳ᠋ᠡᠭᠡᠨ᠄ 《ᠬᠦᠬᠡᠬᠤᠳᠠ ᠳ᠋ᠤ ᠲᠡᠯᠡᠬᠡᠢ ᠶᠢᠨ ᠬᠡᠮᠵᠢᠶᠠᠨ ᠤ ᠳᠤᠮᠤ ᠺᠢᠨᠣ᠋ ᠨᠠᠭᠠᠳᠤᠮ ᠪᠤᠯᠤᠨ᠎ᠠ ᠬᠡᠳᠡᠭ ᠪᠢᠳᠠᠨ ᠳ᠋ᠤ ᠮᠠᠰᠢ ᠶᠡᠬᠡ ᠠᠵᠠ ᠵᠠᠪᠰᠢᠶᠠᠨ ᠪᠠᠢᠭᠰᠠᠠ ᠪᠢᠯᠠ᠃ ᠺᠢᠨᠣ᠋ ᠪᠦᠳᠤᠬᠡᠯᠬᠡ ᠶᠢᠨ ᠤᠷ᠎ᠠ ᠠᠪᠢᠶᠠᠰ᠂ ᠡᠷᠳᠡᠮ ᠴᠢᠳᠠᠪᠤᠷᠢ ᠪᠠᠨ ᠰᠤᠷᠢᠵᠤ ᠦᠵᠡᠶ᠎ᠠ ᠬᠡᠵᠤ ᠡᠨᠡ ᠨᠠᠭᠠᠳᠤᠮ ᠳ᠋ᠤ ᠤᠷᠤᠯᠴᠠᠯ᠎ᠠ᠂ ᠪᠠᠭ ᠤᠨ ᠬᠦᠮᠤᠰ ᠤᠨ ᠬᠠᠮᠳᠤᠷᠠᠯᠴᠠᠭ᠎ᠠ ᠪᠠᠷ <ᠬᠠᠢᠷ᠎ᠠ> ᠺᠢᠨᠣ᠋ ᠢ ᠬᠢᠵᠤ ᠡᠨᠡᠬᠦ ᠨᠠᠭᠠᠳᠤᠮ ᠳ᠋ᠤ ᠲᠦᠷᠦᠬᠦᠯᠡᠵᠤ᠂ ᠠᠮᠧᠷᠢᠺᠠ ᠳ᠋ᠤ ᠪᠤᠯᠬᠤ ᠲᠡᠯᠡᠬᠡᠢ ᠶᠢᠨ ᠺᠢᠨᠣ᠋ ᠨᠠᠭᠠᠳᠤᠮ ᠳ᠋ᠤ ᠤᠷᠤᠯᠴᠠᠬᠤ ᠡᠷᠬᠡ ᠶᠢ ᠤᠯᠤᠭᠰᠠᠠ ᠳ᠋ᠠᠭᠠᠨ ᠰᠡᠳᠬᠢᠯ ᠳᠤᠭᠳᠤᠯᠵᠤ ᠪᠠᠢᠨ᠎ᠠ᠂ ,< ᠶᠢᠰᠤᠨ > ᠪᠠᠭ ᠯᠠᠪᠳᠠᠢ ᠪᠦᠬᠦ ᠬᠦᠮᠤᠰ ᠢ ᠬᠦᠰᠡᠷᠳᠡᠬᠦᠯᠤᠯ ᠦᠬᠡᠢ ᠲᠡᠯᠡᠬᠡᠢ ᠶᠢᠨ ᠲᠡᠮᠡᠴᠡᠬᠡᠨ ᠳ᠋ᠤ ᠢᠳᠡᠬᠡᠯ ᠲᠦᠬᠦᠷᠠᠩ ᠤᠷᠤᠯᠴᠠᠬᠤ ᠪᠤᠯᠤᠨ᠎ᠠ 》 ᠬᠡᠪᠡ᠃ ᠠᠮᠧᠷᠢᠺᠠ ᠳ᠋ᠤ ᠤᠴᠢᠬᠤ ᠨᠢᠬᠡ ᠬᠦᠮᠤᠨ ᠤ ᠵᠠᠮ ᠤᠨ ᠵᠠᠷᠤᠳᠠᠯ ᠮᠦᠩᠬᠦ ᠶᠢ ᠡᠷᠬᠢᠯᠡᠨ ᠬᠢᠵᠤ ᠪᠠᠢᠭ᠎ᠠ ᠨᠢᠬᠡᠴᠡ ᠡᠴᠠ ᠭᠠᠷᠭᠠᠵᠤ᠂ ᠲᠠᠷᠠᠭ᠎ᠠ ᠵᠢᠯ ᠤᠨ 3 ᠰᠠᠷ᠎ᠠ ᠳ᠋ᠤ ᠠᠮᠧᠷᠢᠺᠠ ᠤᠯᠤᠰ ᠲᠤ ᠪᠤᠯᠬᠤ ᠨᠠᠭᠠᠳᠤᠮ ᠳ᠋ᠤ ᠲᠦᠷᠤᠬᠦᠯᠡᠪᠡᠯ ᠨᠠᠷ᠎ᠠ ᠨᠦᠯᠦᠬᠡ ᠲᠡᠢ ᠺᠠᠨᠠ ᠶᠢᠨ ᠤᠯᠠᠨ ᠤᠯᠤᠰ ᠤᠨ ᠺᠢᠨᠣ᠋ ᠨᠠᠭᠠᠳᠤᠮ ᠤᠨ ᠲᠠᠪᠴᠡᠩ ᠳ᠋ᠤ 《ᠠᠯᠳᠠᠨ ᠨᠠᠪᠴᠢ 》 ᠪᠠᠷ ᠡᠩᠬᠡᠷ ᠢᠶᠡᠨ ᠮᠢᠯᠢᠶᠠᠯᠭᠠᠬᠤ ᠪᠤᠯᠤᠮᠵᠢ ᠲᠠᠢ᠃ (ᠵᠦᠷᠬᠢᠨ · ᠠᠯᠳᠠᠠᠠᠤᠳᠤ᠂ ᠨᠠᠮᠤᠭ ᠰᠡᠬᠦᠳᠡᠷᠯᠡᠨ ᠮᠡᠳᠡᠬᠡᠯᠡᠪᠡ )
Posted in ᠰᠤᠶᠤᠯ ᠤᠷᠠᠯᠢᠭ |文化信息 and tagged .