ᠤᠳᠠᠭᠠᠨ ᠰᠠᠭᠤᠬᠤ ᠨᠢ ᠪᠡᠶ᠎ᠡ ᠳ᠋ᠤ ᠮᠠᠭᠤ 长期久坐危害大
ᠤᠳᠠᠭᠠᠨ ᠰᠠᠭᠤᠬᠤ ᠨᠢ ᠪᠡᠶ᠎ᠡ ᠳ᠋ᠤ ᠮᠠᠭᠤ
《ᠠᠮᠢ ᠨᠠᠰᠤ ᠪᠣᠯ ᠬᠥᠳᠡᠯᠭᠡᠭᠡᠨ ᠬᠢᠬᠦ ᠳ᠋ᠤ ᠪᠠᠢᠳᠠᠭ 》 ᠭᠡᠳᠡᠭ ᠢ ᠪᠢᠳᠡ ᠪᠦᠷ ᠮᠡᠳᠡᠵᠦ ᠪᠠᠢᠨ᠎ᠠ ᠃ ᠭᠡᠲᠡᠯ᠎ᠡ ᠣᠳᠣ ᠣᠯᠠᠩᠬᠢ ᠬᠥᠮᠦᠰ ᠪᠦᠷ ᠺᠣᠮᠫᠢᠦᠲ᠋ᠧᠷ ᠢᠶᠠᠷ ᠠᠵᠢᠯᠯᠠᠵᠤ ᠪᠠᠢᠨ᠎ᠠ ᠂ ᠦᠷᠭᠦᠯᠵᠢ ᠺᠣᠮᠫᠢᠦᠲ᠋ᠧᠷ ᠥᠭᠡᠳᠡ ᠬᠠᠨᠳᠤᠵᠤ ᠬᠡᠳᠦᠨ ᠴᠠᠭ ᠪᠤᠶᠤ ᠴᠢᠨᠠᠭᠰᠢᠯᠠᠪᠠᠯ ᠨᠢᠭᠡ ᠪᠦᠬᠦᠯᠢ ᠡᠳᠦᠷ ᠢᠶᠡᠷ ᠨᠢ ᠰᠠᠭᠤᠳᠠᠭ ᠃ ᠤᠳᠠᠭᠠᠨ ᠰᠠᠭᠤᠭᠰᠠᠨ ᠡᠴᠠ ᠬᠥᠳᠡᠯᠭᠡᠭᠡᠨ ᠦ ᠬᠡᠮᠵᠢᠶ᠎ᠡ ᠶᠡᠬᠡ ᠪᠡᠷ ᠪᠠᠭᠠᠰᠬᠤ ᠨᠢ ᠮᠠᠨ ᠤ ᠪᠡᠶ᠎ᠡ ᠮᠠᠬᠠᠪᠣᠳ ᠤᠨ ᠡᠷᠡᠭᠦᠯ ᠮᠡᠨᠳᠦ ᠳ᠋ᠤ ᠮᠠᠰᠢ ᠶᠡᠬᠡ ᠭᠠᠵᠢ ᠨᠥᠯᠥᠭᠡ ᠪᠣᠯᠬᠤ ᠶᠤᠮ ᠃ ᠲᠡᠭᠡᠪᠡᠯ ᠤᠳᠠᠭᠠᠨ ᠰᠠᠭᠤᠬᠤ ᠡᠴᠠ ᠪᠣᠯᠵᠤ ᠶᠠᠮᠠᠷ ᠶᠠᠮᠠᠷ ᠡᠷᠡᠭᠦᠯ ᠮᠡᠨᠳᠦ ᠶᠢᠨ ᠠᠰᠠᠭᠤᠳᠠᠯ ᠡᠭᠦᠰᠳᠡᠭ ᠪᠤᠢ ︖ 《ᠠᠯᠪᠠᠨ ᠭᠡᠷ ᠲᠦ ᠰᠠᠭᠤᠭᠴᠢᠳ》 ᠤᠳᠠᠭᠠᠨ ᠰᠠᠭᠤᠭᠰᠠᠨ ᠡᠴᠠ ᠪᠣᠯᠤᠭᠰᠠᠨ ᠬᠣᠤᠷ ᠬᠥᠨᠥᠭᠡᠯ ᠢ ᠬᠡᠷᠬᠢᠨ ᠪᠠᠭᠠᠰᠬᠠᠬᠤ ᠪᠤᠢ ︖
ᠲᠢᠶᠠᠨᠵᠢᠨ ᠬᠢᠲᠠᠳ ᠡᠮ ᠡᠮᠨᠡᠯᠭᠡ ᠶᠢᠨ ᠶᠡᠬᠡ ᠰᠤᠷᠭᠠᠭᠤᠯᠢ ᠶᠢᠨ ᠨᠢᠭᠡᠳᠦᠭᠡᠷ ᠬᠠᠷᠢᠶᠠᠲᠤ ᠡᠮᠨᠡᠯᠭᠡ ᠶᠢᠨ ᠬᠣᠷᠢᠶᠠᠨ ᠤ ᠵᠢᠷᠦᠬᠡ ᠴᠢᠰᠤᠨ ᠰᠤᠳᠠᠯ ᠤᠨ ᠰᠠᠯᠠᠭᠠᠨ ᠤ ᠡᠮᠴᠢ ᠭᠦᠧᠧ ᠰᠢᠶᠣᠤ ᠴᠧᠨ ᠤ ᠲᠠᠨᠢᠯᠴᠠᠭᠤᠯᠤᠭᠰᠠᠨ ᠢᠶᠠᠷ ᠂ ᠤᠳᠠᠭᠠᠨ ᠰᠠᠭᠤᠬᠤ ᠨᠢ ᠪᠡᠶ᠎ᠡ ᠮᠠᠬᠠᠪᠣᠳ ᠲᠤ ᠬᠣᠬᠢᠷᠠᠯ ᠤᠴᠠᠷᠠᠭᠤᠯᠳᠠᠭ ᠃
1. ᠪᠡᠶ᠎ᠡ ᠶᠢ ᠭᠡᠮᠲᠦᠭᠡᠬᠦ᠄ ᠨᠢᠷᠤᠭᠤ ᠵᠦᠳᠡᠷᠡᠨ ᠭᠡᠮᠲᠦᠬᠦ ᠪᠠ ᠰᠢᠩᠭᠡᠭᠡᠯᠲᠡ ᠮᠠᠭᠤᠲᠠᠨ᠎ᠠ ᠃ ᠤᠳᠠᠭᠠᠨ ᠰᠠᠭᠤᠬᠤ ᠦᠶ᠎ᠡ ᠳ᠋ᠤ ᠂ ᠬᠥᠮᠦᠨ ᠦ ᠪᠡᠶ᠎ᠡ ᠶᠢᠨ ᠬᠦᠨᠳᠦᠴᠡ ᠨᠡᠯᠢᠶᠡᠳ ᠲᠥᠪᠯᠡᠷᠡᠩᠭᠦᠶ ᠢᠶᠡᠷ ᠪᠦᠰᠡᠯᠡᠭᠦᠷ ᠤᠭᠤᠴᠠᠨ ᠤ ᠬᠡᠰᠡᠭ ᠲᠦ ᠪᠠᠭᠤᠵᠤ ᠂ ᠲᠠᠷᠤᠯᠲᠠ ᠶᠢᠨ ᠲᠠᠷᠬᠠᠯᠲᠠ ᠲᠡᠩᠴᠡᠭᠦᠷᠢ ᠦᠭᠡᠢ ᠡᠴᠠ ᠪᠣᠯᠵᠤ ᠪᠦᠰᠡᠯᠡᠭᠦᠷ ᠨᠢᠷᠤᠭᠤᠨ ᠤ ᠠᠷᠤ ᠪᠤᠯᠴᠢᠩ ᠤᠨ ᠵᠦᠳᠡᠷᠡᠯ ᠦᠨ ᠭᠡᠮᠲᠦᠯ ᠢ ᠠᠮᠠᠷᠬᠠᠨ ᠡᠭᠦᠰᠬᠡᠵᠦ ᠡᠪᠡᠳᠬᠦ ᠪᠣᠯᠤᠨ᠎ᠠ ᠂ ᠤᠷᠳᠤ ᠬᠤᠭᠤᠴᠠᠭ᠎ᠠ ᠪᠠᠷ ᠡᠢᠮᠦᠷᠬᠦᠦ ᠪᠠᠢᠳᠠᠯ ᠲᠠᠢ ᠪᠣᠯ ᠨᠡᠩ ᠴᠢᠨᠠᠭᠰᠢᠳᠠ ᠰᠡᠭᠡᠷ ᠦᠨ ᠲᠠᠪᠠᠭ ᠤᠨ ᠨᠡᠬᠡᠳᠡᠰᠦ ᠶᠢᠨ ᠬᠠᠷᠢᠮᠠᠬᠠᠶ ᠴᠢᠨᠠᠷ ᠮᠠᠭᠤᠳᠠᠬᠤ ᠪᠠ ᠪᠠᠭᠠᠨ᠎ᠠ ᠨᠢᠷᠤᠭᠤᠨ ᠤ ᠶᠠᠰᠤᠯᠢᠭ ᠡᠳ᠋ ᠦᠨ ᠨᠡᠮᠡᠭᠳᠡᠯ ᠢ ᠡᠭᠦᠰᠭᠡᠵᠦ ᠂ ᠪᠠᠰᠠ ᠬᠡᠪᠡᠯᠢ ᠬᠥᠭᠡᠭᠡᠬᠦ ᠪᠠ ᠬᠣᠷᠭᠣᠰᠣᠯᠠᠬᠤ ᠵᠡᠷᠭᠡ ᠰᠢᠩᠭᠡᠭᠡᠯᠲᠡ ᠶᠢᠨ ᠰᠢᠰᠲ᠋ᠧᠮ ᠤᠨ ᠡᠪᠡᠳᠴᠢᠨ ᠢ ᠡᠭᠦᠰᠭᠡᠳᠡᠭ ᠃
2. ᠵᠢᠷᠦᠬᠡ ᠶᠢ ᠭᠡᠮᠲᠦᠬᠡᠬᠦ᠄ ᠵᠢᠷᠦᠬᠡ ᠴᠢᠰᠤᠨ ᠰᠤᠳᠠᠯ ᠤᠨ ᠡᠪᠡᠳᠴᠢᠨ ᠡᠭᠦᠰᠬᠦ ᠨᠤᠷᠮ᠎ᠠ ᠲᠠᠬᠢᠨ ᠢᠶᠠᠷ ᠨᠡᠮᠡᠭᠳᠡᠨ᠎ᠡ ᠃ ᠤᠳᠠᠭᠠᠨ ᠰᠠᠭᠤᠵᠤ ᠬᠦᠳᠡᠯᠬᠦ ᠦᠭᠡᠢ ᠪᠣᠯ ᠴᠢᠰᠤᠨ ᠤ ᠡᠷᠭᠢᠯᠲᠡ ᠰᠠᠭᠠᠷᠠᠵᠤ ᠂ ᠡᠳᠦᠷ ᠤᠳᠠᠭᠠᠨ ᠳ᠋ᠠᠭᠠᠨ ᠵᠢᠷᠦᠬᠡᠨ ᠦ ᠠᠵᠢᠯᠯᠠᠭ᠎ᠠ ᠶᠢ ᠮᠠᠭᠤᠳᠠᠭᠤᠯᠵᠤ ᠂ ᠵᠢᠷᠦᠬᠡᠨ ᠪᠤᠯᠴᠢᠩ ᠰᠢᠮᠡᠯ ᠠᠪᠬᠤ ᠪᠣᠯᠤᠨ᠎ᠠ ᠃
3. ᠲᠠᠷᠢᠬᠢ ᠶᠢ ᠭᠡᠮᠲᠦᠭᠡᠬᠦ᠄ ᠴᠢᠰᠤᠨ ᠤ ᠬᠠᠩᠭᠠᠯᠲᠠ ᠭᠦᠢᠴᠡᠳ ᠦᠭᠡᠢ ᠡᠴᠠ ᠪᠣᠯᠵᠤ ᠲᠣᠯᠣᠭᠠᠶ ᠡᠷᠭᠢᠵᠦ ᠨᠢᠳᠦ ᠡᠷᠢᠶᠡᠯᠵᠡᠨ᠎ᠡ ᠃ ᠤᠳᠠᠭᠠᠨ ᠰᠠᠭᠤᠭᠠᠳ ᠬᠥᠳᠡᠯᠬᠦ ᠦᠭᠡᠢ ᠪᠣᠯ ᠴᠢᠰᠤᠨ ᠤ ᠡᠷᠭᠢᠯᠲᠡ ᠰᠠᠭᠠᠷᠠᠵᠤ ᠂ ᠶᠡᠬᠡ ᠲᠠᠷᠢᠬᠢᠨ ᠤ ᠴᠢᠰᠤᠨ ᠤ ᠬᠠᠩᠭᠠᠯᠲᠠ ᠬᠦᠷᠦᠯᠴᠡᠬᠦ ᠦᠭᠡᠢ ᠪᠤᠯᠵᠤ ᠂ ᠣᠶᠣᠨ ᠲᠠᠷᠢᠬᠢ ᠶᠢ ᠭᠡᠮᠲᠦᠭᠡᠵᠦ ᠂ ᠣᠶᠣᠨ ᠰᠠᠨᠠᠭᠠᠨ ᠤ ᠬᠠᠷᠰᠢᠯᠠᠯ ᠢ ᠡᠭᠦᠰᠭᠡᠨ᠎ᠡ ᠃
4. ᠪᠥᠭᠡᠷ᠎ᠡ ᠶᠢ ᠭᠡᠮᠲᠦᠭᠡᠬᠦ᠄ ᠦᠷᠡᠵᠢᠯ ᠦᠨ ᠰᠢᠰᠲ᠋ᠧᠮ 《ᠵᠣᠪᠠᠯᠠᠩ ᠠᠮᠰᠠᠨ᠎ᠠ 》᠃ ᠤᠳᠠᠭᠠᠨ ᠰᠠᠭᠤᠪᠠᠯ ᠲᠠᠪᠤᠰᠠᠩ ᠤᠨ ᠰᠠᠯᠲᠠᠷ ᠤᠨ ᠴᠢᠰᠤᠨ ᠤ ᠡᠷᠭᠢᠯᠲᠡ ᠶᠢ ᠮᠠᠭᠤᠳᠠᠭᠤᠯᠵᠤ ᠂ ᠲᠠᠪᠤᠰᠠᠩ ᠤᠨ ᠠᠵᠢᠯᠯᠠᠭ᠎ᠠ ᠶᠢᠨ ᠬᠡᠪ ᠦᠨ ᠪᠠᠶᠢᠳᠠᠯ ᠢ ᠠᠯᠳᠠᠭᠤᠯᠳᠠᠭ ᠃
ᠤᠳᠠᠭᠠᠨ ᠰᠠᠭᠤᠬᠤ ᠶᠢᠨ ᠬᠣᠤᠷ ᠬᠥᠨᠥᠭᠡᠯ ᠦᠨᠡᠬᠡᠷ ᠮᠠᠰᠢ ᠶᠡᠬᠡ ᠭᠡᠳᠡᠭ ᠢ ᠡᠭᠦᠨ ᠡᠴᠠ ᠮᠡᠳᠡᠵᠦ ᠪᠣᠯᠤᠨ᠎ᠠ ᠃ ᠡᠢᠮᠦ ᠡᠴᠠ ᠤᠳᠠᠭᠠᠨ ᠰᠠᠭᠤᠳᠠᠭ 《ᠠᠯᠪᠠᠨ ᠭᠡᠷ ᠲᠦ ᠠᠵᠢᠯᠯᠠᠭᠴᠢᠳ》 ᠥᠪᠡᠷ ᠦᠨ ᠠᠮᠢᠳᠤᠷᠠᠯ ᠤᠨ ᠠᠷᠭ᠎ᠠ ᠮᠠᠶᠢᠭ ᠢᠶᠠᠨ ᠴᠠᠭ ᠲᠤᠬᠠᠶ ᠳ᠋ᠤᠨᠢ ᠲᠣᠬᠢᠷᠠᠭᠤᠯᠬᠤ ᠬᠡᠷᠡᠭᠲᠡᠶ ᠃ ᠠᠵᠢᠯᠯᠠᠵᠤ ᠪᠠᠢᠭ᠎ᠠ ᠦᠶ᠎ᠡ ᠳ᠋ᠦ ᠪᠡᠨ ᠂ ᠴᠠᠭ ᠪᠦᠷᠢ ᠳ᠋ᠤ 5 ᠮᠢᠨᠦᠲ ᠣᠷᠴᠢᠮ ᠪᠣᠰᠴᠤ ᠦᠶ᠎ᠡ ᠮᠦᠴᠢ ᠪᠡᠨ ᠬᠦᠲᠡᠯᠭᠡᠵᠦ ᠂ ᠪᠣᠯᠤᠯᠴᠠᠭ᠎ᠠ ᠲᠠᠢ ᠪᠣᠯ ᠡᠳᠦᠷ ᠪᠦᠷᠢ 1 ︱ 3 ᠴᠠᠭ ᠵᠤᠭᠰᠤᠭ᠎ᠠ ᠪᠠᠷ ᠠᠵᠢᠯᠯᠠᠵᠤ ᠪᠣᠯᠤᠨ᠎ᠠ ᠃ ᠡᠭᠦᠨ ᠦ ᠬᠠᠮᠲᠤ ᠰᠠᠭᠤᠬᠤ ᠪᠠᠶᠢᠳᠠᠯ ᠢ ᠴᠤ ᠵᠥᠪ ᠪᠠᠢᠯᠭᠠᠬᠤ ᠬᠡᠷᠡᠭᠲᠡᠶ ᠃
ᠢᠷᠡᠯᠲᠡ ᠄ ᠬᠢᠶᠠᠨ ᠰᠦᠯᠵᠢᠶ᠎ᠡ《 ᠠᠷᠠᠳ ᠤᠨ ᠰᠦᠯᠵᠢᠶ᠎ᠡ》 ᠡᠴᠡ ᠪᠠᠭᠤᠯᠭᠠᠪᠠ

长期久坐危害大
我们都知道,“生命在于运动”。然而现如今,大多数人都是电脑式办公,经常对着电脑一坐就是好几个小时甚至一整天。长时间久坐致使活动量大大减少,会给我们的身体健康造很大影响。那么,久坐都会产生哪些健康问题?“办公室一族”应如何减少久坐带来的危害呢?
据天津中医药大学第一附属医院心血管科郭晓辰介绍,久坐会对身体造成以下损伤:
1.伤身:腰背劳损、消化不良。久坐时,人体重量会较集中地压在腰骶部,压力分布不均衡易引起腰背肌肉劳损并疼痛,长期甚至可致椎间盘组织弹性减退和脊柱骨质增生,还会引起和加剧腹胀和便秘等消化系统病症。
2.伤心:心血管病发病率倍增。久坐不动血液循环会减缓,日久则会使心脏机能衰退,引起心肌萎缩。
3.伤脑:供血不足头晕眼花。久坐不动,血液循环减缓,则会导致大脑供血不足,伤神损脑,产生精神厌抑。
4.伤肾:生殖系统“遭殃”。久坐不动会使膀胱经气血运行不畅,导致膀胱功能失常,而肾经与膀胱经相表里,继而易引发肾功能异常。
由此可见,久坐的危害确实很大。因此,久坐的办公室一族应及时调整自己的生活方式。如在工作时,可以每1小时站起来活动5分钟左右,若有可能的话,每天可以坚持1~3小时站立办公。同时,坐姿也要保持正确,即保持中立位。在坐姿状态下,中立位应该是脑袋基本在胸腔的正上方,而胸腔基本在骨盆的正上方。