ᠲᠣᠷᠭᠠᠨ ᠪᠣᠷᠤᠭ᠎ᠠ
ᠭᠤ᠊ ᠂ ᠷᠠᠰᠢᠵᠠᠪ
ᠲᠣᠭᠤᠨᠤ ᠪᠠᠷ ᠦᠩᠬᠢᠭᠰᠡᠨ
ᠭᠠᠩ ᠤᠨ ᠨᠠᠷᠠ
ᠲᠣᠷᠯᠤᠭ ᠨᠣᠴᠤᠮᠠᠷ
ᠭᠠᠯ ᠲᠠᠢ ᠢᠨᠢᠶᠡᠨ᠎ᠡ
ᠬᠠᠯᠠᠭᠤᠨ ᠳᠤ ᠬᠠᠭᠠᠷᠢᠭᠳᠠᠭᠰᠠᠨ
ᠲᠠᠯ᠎ᠠ ᠶᠢᠨ ᠨᠣᠭᠤᠭ᠎ᠠ
ᠬᠠᠨᠢᠶᠠᠳᠦ ᠬᠦᠷᠦᠭᠡᠳ
ᠰᠤᠯᠳᠠᠢᠨ ᠬᠣᠷᠪᠤᠢᠨᠠ
ᠠᠭᠤᠯᠠ ᠶᠢᠨ ᠴᠠᠭᠠᠨ᠎ᠠ ᠡᠴᠡ
ᠤᠷᠭᠤᠭᠰᠠᠨ ᠡᠭᠦᠯᠡ
ᠵᠤᠨ ᠤ ᠲᠡᠭᠷᠢ ᠶᠢ
ᠵᠤᠯᠤᠭᠰᠠᠭᠠᠷ ᠠᠢᠰᠤᠨᠠ
ᠭᠠᠵᠠᠷ ᠳᠡᠯᠡᠬᠡᠢ
ᠭᠠᠩᠳᠠᠭᠰᠠᠨ ᠢᠶᠠᠨ ᠮᠠᠷᠳᠠᠨ
ᠴᠢᠬᠢᠭ᠌ ᠤᠨ ᠠᠮᠢᠰᠭᠤᠯ ᠢᠶᠠᠷ
ᠴᠡᠭᠡᠵᠢ ᠨᠢ ᠣᠪᠤᠯᠵᠠᠨᠠ
ᠲᠣᠰᠤ ᠪᠠᠷ ᠰᠤᠪᠤᠷᠠᠭᠰᠠᠨ
ᠲᠣᠷᠭᠠᠨ ᠪᠣᠷᠤᠭ᠎ᠠ
ᠵᠤᠢᠯ ᠤᠨ ᠴᠡᠴᠡᠭᠡᠰ ᠢᠶᠡᠷ
ᠵᠡᠭᠦᠦ ᠤᠷᠢᠶᠠᠨ᠎ᠠ