ᠶᠠᠬᠡ ᠰᠢᠷᠭ᠎ᠠ ᠶᠢᠨ ᠭᠣᠣᠯ家乡的夏日嘎河

ᠶᠠᠬᠡ ᠰᠢᠷᠭ᠎ᠠ ᠶᠢᠨ ᠭᠣᠣᠯ

    ᠫᠤ᠊᠂ᠴᠤᠭᠳᠤᠨᠠᠷᠠᠨ

   ᠪᠤᠳᠤᠵᠦ ᠣᠯᠳᠠᠭ ᠦᠭᠡᠢ ᠭᠠᠵᠠᠷ ᠤᠨ
     ᠶᠡᠬᠡ ᠨᠠᠭᠤᠷ
   ᠪᠣᠷᠤᠭᠠᠨ ᠣᠷᠤᠳᠠᠭ ᠦᠭᠡᠢ ᠴᠠᠭ ᠤᠨ
     ᠶᠡᠬᠡ ᠭᠣᠷᠢ
   ᠡᠷᠲᠡ ᠴᠠᠭ ᠤᠨ ᠡᠯᠤᠨᠴᠡ ᠦᠶ᠎ᠡ ᠶᠢᠨ
     ᠦᠯᠡᠳᠡᠴᠡ
   ᠡᠨᠡ ᠦᠶ᠎ᠡ ᠶᠢᠨ ᠬᠤᠯᠤᠨᠴᠠ ᠴᠠᠭ ᠤᠨ
     ᠡᠷᠭᠦᠴᠡ

   ᠭᠠᠯ ᠢᠶᠠᠷ ᠪᠣᠷᠤᠭᠠᠯᠠᠭᠰᠠᠨ ᠴᠠᠭ ᠤᠨ
     ᠰᠠᠷᠠᠨ ᠤ ᠰᠦ᠋ ᠮᠠᠭᠠᠳ
   ᠭᠠᠩ ᠢᠶᠠᠷ ᠣᠷᠤᠭᠠᠯᠠᠭᠰᠠᠨ ᠴᠥᠪ ᠦᠨ
     ᠰᠠᠭᠠᠯᠢ ᠶᠢᠨ ᠠᠷᠢᠬᠢ ᠮᠠᠭᠠᠳ
   ᠳᠡᠭᠡᠳᠦ ᠦᠶ᠎ᠡ ᠶᠢᠨ ᠮᠢᠨᠢ ᠰᠢᠳᠤᠭᠰᠡᠨ
     ᠬᠠᠷ᠎ᠠ ᠤᠰᠤ ᠯᠠᠪ ᠮᠥᠨ
    ᠳᠡᠯᠡᠬᠡᠢ ᠶᠢᠨ ᠳᠠᠩᠰᠠᠨ ᠳᠤ ᠣᠷᠤᠭᠰᠠᠨ
     ᠬᠠᠰ ᠲᠣᠯᠢ ᠯᠠᠪ ᠮᠥᠨ

   ᠡᠯᠡᠰᠦᠨ ᠳᠠᠯᠠᠢ ᠳᠤᠳᠤᠷᠠᠬᠢ
     ᠤᠰᠤᠨ ᠳᠠᠯᠠᠢ
   ᠡᠷᠭᠢ ᠮᠠᠩᠬ᠎ᠠ ᠪᠠᠨ ᠰᠢᠷᠬᠡᠬᠡᠵᠦ ᠪᠠᠢᠭ᠎ᠠ
     ᠤᠪᠢᠳᠠᠰ ᠳᠠᠯᠠᠢ
   ᠭᠠᠩᠭ᠎ᠠ ᠪᠠᠷ ᠠᠶᠤᠩᠭ᠋ᠠᠯᠠᠭ᠎ᠠ ᠦᠭᠡᠢ
     ᠮᠢᠨᠤ ᠵᠢᠷᠦᠬᠡᠨ ᠳᠠᠯᠠᠢ
   ᠭᠠᠵᠠᠷ ᠤᠨ ᠰᠢᠷᠬ᠎ᠠ ᠦᠭᠡᠢ
     ᠮᠢᠨᠤ ᠬᠡᠤᠬᠡᠨ ᠴᠢᠷᠠᠢ
   ᠨᠠᠮᠠᠢ᠍ᠢ ᠪᠠᠭ᠎ᠠ ᠠᠬᠤᠢ ᠳᠤ
     ᠨᠠᠭᠠᠳᠤᠭᠤᠯᠵᠦ ᠪᠠᠢᠭᠰᠠᠨ
     ᠨᠠᠷᠠᠨ ᠤᠰᠤ
   ᠨᠠᠮᠤᠷ ᠤᠨ ᠭᠠᠯᠠᠭᠤ ᠨᠢ ᠶᠠᠪᠤᠬᠤ ᠳᠤᠷ᠎ᠠ ᠦᠭᠡᠢ
     ᠬᠡᠯᠬᠢᠶᠡᠷᠡᠵᠦ ᠪᠠᠢᠳᠠᠭ
     ᠰᠠᠷᠠᠨ ᠤᠭᠤᠷᠠᠭ

   ᠭᠠᠵᠠᠷ ᠤᠨ ᠵᠢᠷᠤᠭ ᠲᠤ ᠪᠠᠭᠳᠠᠭ᠎ᠠ ᠦᠭᠡᠢ ᠨᠢ
     ᠪᠠᠭ᠎ᠠ ᠳ᠋ᠠᠭᠠᠨ ᠤᠤ ᠶᠠᠬᠡ ᠳ᠋ᠡᠭᠡᠨ ᠤᠤ
   ᠭᠠᠷ ᠤᠨ ᠠᠯᠠᠭᠠᠨ ᠳᠤ ᠪᠠᠭᠠᠳᠠᠭᠰᠠᠨ ᠨᠢ
     ᠶᠠᠬᠡ ᠳ᠋ᠡᠭᠡᠨ ᠤᠤ ᠪᠠᠭ᠎ᠠ ᠳ᠋ᠠᠭᠠᠨ ᠤᠤ

   ᠤᠤᠭᠤᠪᠠᠯ ᠱᠣᠷᠪᠤᠭ ᠪᠠᠢᠳᠠᠭ ᠨᠢ
     ᠤᠴᠢᠷᠲᠠᠢ ᠲᠡᠢᠮᠦ ᠪᠢᠵᠡ
   ᠤᠭᠢᠶᠠᠪᠠᠯ ᠭᠬᠢᠷ ᠭᠠᠷᠳᠠᠭ ᠨᠢ
     ᠤᠬᠠᠭᠠᠨ ᠲᠠᠢ  ᠯᠠᠪ ᠪᠢᠵᠡ

Posted in ᠤᠷᠠᠨ ᠵᠤᠬᠢᠶᠠᠯ |作品赏析.