ᠨᠡᠭᠦᠳᠡᠯ迁徙

  ᠨᠡᠭᠦᠳᠡᠯ    
  
  ᠫᠤ᠊᠂ ᠴᠤᠭᠳᠤᠨᠠᠷᠠᠨ
           ᠨᠡᠭᠦᠳᠡᠯ ᠮᠢᠨᠢ ᠨᠡᠭᠦᠭᠰᠡᠭᠡᠷ ᠪᠠᠢᠲᠠᠯ᠎ᠠ
 ᠠᠯᠠᠭ᠎ᠠ ᠪᠣᠯᠴᠢᠬᠠᠯ᠎ᠠ
ᠨᠥᠯᠦᠭ ᠪᠣᠷᠤ ᠲᠤᠯᠤᠭᠠᠳ ᠤᠳ ᠮᠢᠨᠢ
 ᠳᠠᠭᠠᠭᠠᠳ ᠠᠶᠠᠷᠯᠠᠴᠢᠬᠠᠯ᠎ᠠ
ᠨᠥᠭᠦᠭᠡᠳᠦᠷ ᠶᠠᠭᠠᠬᠢᠬᠤ ᠶᠢᠨ ᠵᠠᠪ ᠦᠭᠡᠢ
 ᠥᠴᠦᠭᠡᠳᠦᠷ ᠥᠭᠡᠳᠡ ᠨᠡᠭᠦᠵᠦ ᠪᠠᠢᠪᠠ
ᠨᠥᠮᠦᠷᠢ ᠭᠠᠵᠠᠷ ᠬᠠᠶᠠ ᠳ᠋ᠠᠭᠠᠨ
 ᠴᠣᠬᠢᠶ᠎ᠠ ᠭᠠᠵᠠᠷ ᠥᠭᠡᠳᠡ ᠨᠡᠭᠦᠵᠦ ᠪᠠᠢᠯ᠎ᠠ
ᠵᠠᠭᠤᠨ ᠵᠠᠭᠤᠨ ᠢᠶᠠᠷ ᠡᠪᠦᠭᠡᠳ ᠮᠢᠨᠢ
 ᠵᠣᠭᠰᠤᠯ ᠦᠭᠡᠢ ᠨᠡᠬᠦᠳᠡᠯᠯᠡᠵᠠᠢ
ᠵᠠᠭᠤᠷᠳᠦ ᠶᠢᠨ ᠪᠤᠰᠤ ᠡᠭᠦᠷᠢᠳᠡ ᠶᠢᠨ ᠶᠣᠰᠤ ᠪᠠᠷ
 ᠵᠣᠷᠢᠭ ᠬᠠᠳᠡᠭᠤ ᠨᠡᠭᠦᠳᠡᠯᠯᠡᠵᠡᠢ
ᠳᠡᠭᠡᠬᠦ ᠪᠡᠷ ᠪᠠᠷᠠᠬᠤ ᠦᠭᠡᠢ
 ᠪᠢᠳᠡᠨ ᠢ ᠪᠠᠰᠠ ᠨᠡᠭᠦᠯᠭᠡᠵᠦ ᠰᠤᠷᠭᠠᠵᠦ ᠰᠢᠤ
ᠲᠡᠨᠢᠭᠡᠷ ᠲᠠᠯ᠎ᠠ᠂ ᠲᠡᠭᠷᠢ ᠬᠤᠶᠠᠷ
 ᠲᠡᠳᠡᠨ ᠢ ᠨᠡᠭᠦᠯᠭᠡᠵᠦ ᠰᠤᠷᠭᠠᠵᠦ ᠤᠤ︖
ᠬᠣᠩᠭᠤᠷ ᠢᠶᠠᠨ ᠳᠠᠮᠵᠢᠭᠠᠳ
 ᠲᠣᠭᠤᠷᠢᠭᠰᠠᠭᠠᠷ ᠪᠠᠢᠲᠠᠯ᠎ᠠ
ᠬᠣᠷᠸ᠎ᠠ ᠨᠢ ᠠᠮᠵᠢᠭᠠᠳ ᠠᠯᠠᠭ᠎ᠠ ᠪᠣᠯᠴᠢᠬᠠᠵᠠᠢ
ᠭᠠᠯ ᠤᠨ ᠢᠶᠠᠨ ᠠᠶᠠᠨ ᠡᠴᠡ
 ᠪᠤᠴᠠᠭᠠᠳ ᠢᠷᠡᠬᠦ ᠳᠦ
ᠭᠠᠵᠠᠷ ᠮᠢᠨᠢ ᠨᠤᠳᠤᠭ ᠢᠶᠠᠨ
 ᠰᠣᠯᠢᠭᠠᠳ ᠨᠡᠬᠦᠴᠢᠬᠡᠵᠠᠢ
ᠪᠤᠴᠠᠭᠠᠳ ᠢᠷᠡᠬᠦ ᠳᠦ
  ᠪᠠᠭᠤᠷᠢ ᠨᠢ ᠯᠡ ᠪᠠᠢᠯ᠎ᠠ
ᠪᠤᠷᠤᠭᠤ ᠬᠠᠵᠠᠭᠤ ᠶᠢᠨ
 ᠰᠡᠭᠦᠳᠡᠷ ᠨᠢ ᠯᠡ ᠪᠠᠢᠯ᠎ᠠ
ᠤᠨᠠᠭᠠᠨ ᠨᠤᠳᠤᠭ ᠮᠢᠨᠢ
 ᠤᠤᠯ ᠡᠴᠡ ᠪᠡᠨ
  ᠤᠬᠤᠷᠢᠭᠠᠳ ᠨᠡᠭᠦᠳᠡᠭ ᠴᠦ ᠪᠠᠢᠪᠠ ᠤᠤ ᠳ᠋ᠠ
ᠤᠭᠤᠷᠠᠭ ᠨᠠᠭᠤᠷ ᠮᠢᠨᠢ
 ᠤᠮᠳᠠᠭᠠᠰᠬᠤ ᠳ᠋ᠠᠭᠠᠨ
  ᠨᠢᠭᠤᠭᠠᠳ ᠨᠡᠭᠦᠴᠢᠬᠡᠳᠡᠭ ᠴᠦ ᠪᠠᠢᠵᠦ ᠤᠤ ᠳ᠋ᠠ
ᠦᠭᠡ ᠬᠡᠯᠡ ᠮᠢᠨᠢ ᠴᠦ ᠳᠠᠭᠠᠭᠠᠳ
 ᠦᠰᠦᠭ ᠲᠠᠢ ᠪᠠᠨ
 ᠳᠠᠯᠳᠠ ᠣᠷᠤᠴᠢᠬᠠᠭᠰᠠᠨ ᠪᠠᠢᠯ᠎ᠠ
ᠦᠵᠡᠯ ᠰᠠᠨᠠᠭ᠎ᠠ ᠮᠢᠨᠢ ᠴᠦ ᠠᠳᠠᠯᠠᠬᠠᠨ
 ᠥᠩᠭᠡ ᠪᠤᠳᠤᠭ ᠲᠠᠢ ᠪᠠᠨ
 ᠳᠠᠯᠠᠢ ᠳᠤ ᠤᠮᠪᠠᠴᠢᠭᠰᠠᠨ ᠪᠠᠢᠯ᠎ᠠ
ᠨᠤᠳᠤᠭ ᠮᠢᠨᠢ( ᠠᠢ ᠳ᠋ᠠ)
  ᠬᠤᠯᠠ ᠶᠢᠨ ᠬᠤᠯᠠ ᠳᠤ ᠪᠠᠷ᠎ᠠ ᠨᠢ
 ᠬᠠᠷᠠᠭᠳᠠᠬᠤ ᠪᠠᠨ ᠪᠣᠯᠢᠯ᠎ᠠ
ᠨᠢᠭᠤᠴᠢᠬᠠᠭᠰᠠᠨ ᠶᠤᠮ ᠰᠢᠭ
 ᠬᠣᠢᠴᠢ ᠦᠶ᠎ᠡ  ᠳ᠋ᠡᠭᠡᠨ
 ᠡᠷᠢᠯ ᠪᠣᠯᠤᠮᠠᠷ ᠪᠠᠢᠯ᠎ᠠ᠃

 
Posted in ᠤᠷᠠᠨ ᠵᠤᠬᠢᠶᠠᠯ |作品赏析.