ᠵᠤᠷᠪᠤᠰᠬᠠᠨ ᠪᠣᠷᠤᠭᠠᠨ阵雨
发布时间: 2020-07-30 发布者:内蒙古启言网 http://www.qiyanwang.com/

ᠵᠤᠷᠪᠤᠰᠬᠠᠨ ᠪᠣᠷᠤᠭᠠᠨ
ᠭᠤ᠊᠂ ᠷᠠᠰᠢᠵᠠᠪ
ᠶᠠᠬᠡ ᠭᠠᠵᠠᠷ ᠬᠡᠩᠭᠡᠷᠭᠡ ᠪᠡᠨ ᠳᠡᠯᠡᠳᠴᠦ
ᠢᠯᠳᠦ ᠰᠡᠯᠡᠮ᠎ᠡ ᠪᠡᠨ ᠡᠷᠭᠢᠭᠦᠯᠦᠨ ᠬᠢᠯᠠᠯᠵᠠᠭᠤᠯᠤᠭᠠᠳ
ᠭᠠᠩ ᠤ᠋ᠨ ᠡᠭᠦᠯᠡ ᠠ᠋ᠴᠠ ᠤᠰᠤᠨ ᠫᠤᠤ ᠪᠠᠷ ᠢ᠋ᠢᠠᠨ
ᠭᠠᠵᠠᠷ ᠳᠡᠯᠡᠬᠡᠢ ᠶ᠋ᠢ ᠰᠦᠷᠴᠢᠨ ᠡᠬᠢᠯᠡᠬᠦᠶᠡ
ᠲᠡᠮᠦᠷ ᠳᠡᠭᠡᠪᠦᠷ ᠳᠡᠭᠡᠷ᠎ᠡ ᠨᠣᠢᠲᠠᠨ ᠰᠤᠮᠤ ᠨᠢ
ᠳᠦᠰ ᠫᠢᠰ ᠳᠤᠤᠭᠠᠷᠤᠨ ᠤᠨᠠᠵᠦ ᠪᠠᠢᠯ᠎ᠠ
ᠬᠠᠯᠠᠭᠤᠨ ᠳ᠋ᠤ ᠮᠠᠩᠰᠢᠭᠤᠷᠠᠭᠰᠠᠨ ᠡᠪᠡᠰᠦ ᠮᠤᠳᠦ
ᠬᠠᠶᠠ ᠢᠯᠪᠢᠬᠦ ᠰᠠᠯᠬᠢᠨ ᠳ᠋ᠤ ᠰᠡᠷᠪᠡᠯᠵᠢᠨ
ᠬᠠᠭᠰᠠᠭᠰᠠᠨ ᠪᠡᠶ᠎ᠡ ᠪᠡᠨ ᠰᠤᠯᠠᠬᠠᠨ ᠰᠢᠯᠭᠡᠭᠡᠭᠡᠳ
ᠬᠠᠨᠠᠭᠠᠷ ᠲᠡᠭᠷᠢ ᠶ᠋ᠢ ᠭᠣᠷᠢᠳᠠᠨ ᠰᠢᠷᠳᠡᠬᠦᠶᠡ
ᠬᠤᠷᠮᠤᠰᠲᠠ ᠢ᠋ᠢᠨ ᠡᠭᠦᠯᠡ ᠬᠣᠷᠮᠤᠢ ᠪᠠᠨ ᠰᠢᠭᠤᠭᠠᠳ
ᠬᠤᠷ᠎ᠠ ᠪᠠᠨ ᠬᠠᠷᠠᠮᠨᠠᠨ ᠭᠣᠳ ᠳᠤᠳᠠᠭᠠᠯ᠎ᠠ
ᠴᠠᠩ ᠬᠡᠩᠭᠡᠷᠭᠡ ᠪᠡᠨ ᠲᠡᠭᠷᠢ ᠬᠤᠷᠢᠶᠠᠵᠦ
ᠴᠠᠬᠢᠯᠭᠠᠨ ᠰᠡᠯᠡᠮ᠎ᠡ ᠪᠡᠨ ᠬᠤᠢᠯᠠᠨ ᠵᠡᠭᠦᠭᠡᠳ
ᠴᠠᠢ ᠪᠠᠨ ᠤᠤᠭᠤᠬᠤ ᠪᠠᠷ ᠣᠷᠳᠤᠨ᠎ᠠ ᠪᠤᠴᠠᠬᠤᠶᠠ
ᠴᠠᠩ ᠡᠸ ᠳᠠᠬᠢᠨᠢ ᠲᠠᠢ ᠵᠠᠮ ᠳ᠋ᠠᠭᠠᠨ ᠠᠭᠤᠯᠵᠠᠨ
ᠨᠠᠷᠠᠨ ᠰᠠᠬᠢᠭᠤᠯᠰᠤᠨ ᠢ᠋ ᠨᠠᠭᠠᠰᠢ ᠪᠠᠨ ᠳᠠᠭᠤᠳᠠᠵᠦ
ᠨᠠᠪᠴᠢᠲᠦ ᠳᠡᠯᠡᠬᠡᠢ ᠢ᠋ᠢᠨ ᠨᠢᠳᠦ ᠶ᠋ᠢ ᠬᠢᠯᠪᠠᠭᠤᠯᠪᠠᠢ᠃
Posted in ᠤᠷᠠᠨ ᠪᠦᠳᠦᠬᠡᠯ |经典赏阅.