ᠰᠢᠷᠠᠢᠳ ᠳᠦᠭᠦᠷᠡᠩᠵᠢᠷᠭᠠᠯ
ᠰᠠᠯᠬᠢ ᠶᠠᠭ ᠯᠠ ᠰᠡᠳᠭᠢᠯ ᠤ᠋ᠨ ᠥᠩᠭᠡ ᠲᠠᠢ
ᠰᠠᠢᠬᠠᠨ ᠳᠤᠩᠭ᠋ᠠᠯᠠᠭ᠂ ᠵᠠᠷᠢᠮ ᠳ᠋ᠠᠭᠠᠨ ᠶᠠᠭᠠᠨ
ᠪᠠᠰᠠ ᠬᠠᠶᠠ ᠤᠯᠠᠭᠠᠨ᠂᠂᠂᠂
ᠪᠣᠷᠤᠭᠠᠨ ᠨᠡᠭᠡᠷᠡᠨ ᠪᠣᠳᠤᠯ ᠤ᠋ᠨ ᠥᠩᠭᠡ ᠲᠠᠢ
ᠪᠣᠯᠤᠷ ᠳᠤᠩᠭ᠋ᠠᠯᠠᠭ᠂ ᠵᠠᠷᠢᠮ ᠳ᠋ᠠᠭᠠᠨ ᠴᠡᠩᠬᠡᠷ
ᠪᠠᠰᠠ ᠬᠠᠶᠠ ᠨᠣᠭᠤᠭᠠᠨ᠂᠂᠂᠂
ᠳᠤᠳᠤᠭᠤᠷ ᠮᠢᠨᠢ ᠦᠶᠡᠷᠯᠡᠬᠦ ᠰᠠᠯᠬᠢ ᠬᠢᠭᠡᠳ ᠪᠣᠷᠤᠭᠠᠨ
ᠬᠠᠰᠢᠯᠭ᠎ᠠ ᠪᠠᠨ ᠳᠠᠪᠠᠬᠤ ᠳ᠋ᠤ
ᠵᠠᠷᠢᠮ ᠳ᠋ᠠᠭᠠᠨ ᠪᠢ ᠬᠦᠨ ᠬᠥᠬᠡ
ᠪᠠᠰᠠ ᠬᠠᠶᠠ ᠬᠡᠭᠡᠨ ᠰᠢᠷ᠎ᠠ᠂᠂᠂᠂