ᠢᠯᠡ ᠭᠠᠵᠠᠷ ᠤᠨ ᠨᠢᠭᠤᠴᠠ没有秘密的秘密

ᠢᠷᠠᠭᠤ ᠨᠠᠢᠷᠠᠭᠴᠢ᠄ ᠫᠤ ᠂ ᠴᠤᠭᠳᠤᠨᠠᠷᠠᠨ
ᠢᠯᠡ ᠭᠠᠵᠠᠷ ᠤᠨ ᠨᠢᠭᠤᠴᠠ
ᠴᠢᠩᠬᠡᠰ ᠬᠠᠭᠠᠨ ᠤ ᠮᠡᠨᠳᠦᠯᠡᠭᠰᠡᠨ
ᠨᠠᠢ᠍ᠮᠠᠨ ᠵᠠᠭᠤᠨ ᠵᠢᠯ ᠤᠨ ᠤᠢ ᠳᠤ
ᠲᠡᠳᠡ
ᠲᠡᠭᠷᠢ ᠡᠴᠡ ᠢᠷᠡᠭᠰᠡᠨ ᠤᠤ ᠬᠡᠵᠦ ᠰᠡᠵᠢᠭᠯᠡᠪᠡ
ᠲᠡᠯᠡᠭᠰᠡᠨ ᠨᠤᠮᠤ ᠮᠣᠷᠢᠨ ᠤ ᠬᠤᠷᠳᠦ
ᠲᠡᠩᠴᠡᠭᠰᠡᠨ ᠳᠦᠨᠢ ᠭᠠᠢᠬᠠᠪᠠ
ᠲᠡᠷᠡ ᠶᠡᠬᠡ ᠲᠣᠭᠠᠨ ᠤ ᠤᠬᠠᠭᠠᠨ
ᠣᠳᠣ ᠪᠣᠯᠲᠠᠯ᠎ᠠ ᠣᠯᠳᠠᠭ᠎ᠠ ᠦᠭᠡᠢ
ᠪᠦᠷᠭᠦᠳ ᠨᠠᠮᠨᠠᠬᠤ ᠪᠠᠷ ᠢᠷᠡᠭᠰᠡᠨ ᠨᠢ
ᠬᠤᠳᠠᠯ ᠪᠠᠢᠪᠠ
ᠪᠦᠬᠦ ᠳᠡᠯᠡᠬᠡᠢ ᠶᠢ ᠵᠣᠳᠤᠭᠯᠠᠬᠤ ᠪᠠᠷ ᠢᠷᠡᠭᠰᠡᠨ ᠨᠢ
ᠦᠨᠡᠨ ᠪᠠᠢᠪᠠ
ᠨᠥᠭᠦᠭᠡᠳᠦᠷ ᠪᠣᠯᠤᠨ ᠤᠷᠵᠢᠳᠤᠷ ᠤᠨ
ᠵᠠᠢ ᠳᠤ
ᠨᠥᠵᠢ ᠠᠳᠬᠤᠵᠦ ᠲᠥᠷᠦᠭᠰᠡᠨ ᠨᠢ
ᠨᠢᠭᠤᠴᠠ ᠪᠣᠯᠪᠠ
ᠢᠩᠭᠢᠭᠡᠳ ᠯᠡ
ᠢᠯᠡ ᠶᠠᠭᠤᠮ᠎ᠠ ᠳᠠᠯᠳᠠ ᠪᠣᠯᠪᠠ
ᠢᠯᠡᠬᠦᠭᠳᠡᠬᠦᠨ ᠨᠢ ᠪᠠᠷᠤᠭ
ᠳᠤᠳᠠᠭᠳᠠᠬᠤᠨ ᠪᠣᠯᠪᠠ
ᠳᠡᠭᠡᠳᠦ ᠦᠶ᠎ᠡ ᠶᠢ ᠨᠢ
ᠴᠢᠨᠤ᠎ᠠ ᠪᠠᠢᠬ᠎ᠠ ᠬᠡᠵᠦ ᠰᠡᠵᠢᠭᠯᠡᠵᠦ ᠠᠮᠵᠢᠪᠠ
ᠳᠡᠪᠡᠯ ᠢ ᠨᠢ ᠪᠠᠷᠤᠭ
ᠠᠷᠠᠰᠤ ᠪᠠᠢᠬᠤ ᠬᠡᠵᠦ ᠠᠨᠳᠠᠭᠤᠷᠠᠵᠦ ᠠᠪᠤᠪᠠ
ᠨᠠᠷᠠ ᠰᠠᠷ᠎ᠠ ᠪᠠᠷ ᠪᠡᠯᠴᠢᠭᠰᠡᠨ
ᠨᠠᠢ᠍ᠮᠠᠨ ᠰᠢᠷᠭ᠎ᠠ
ᠨᠠᠶᠠᠨ ᠮᠢᠩᠭᠠᠨ ᠰᠢᠷᠭ᠎ᠠ ᠪᠤᠯᠵᠦ ᠳᠠᠪᠬᠢᠭᠰᠠᠨ
ᠨᠠᠷᠢᠨ ᠤᠬᠠᠭᠠᠨ ᠨᠢ
ᠣᠳᠤᠨ ᠤ ᠪᠠᠢᠷᠢᠨ ᠳᠤ ᠪᠠᠢᠪᠠ ᠤᠤ
ᠪᠠᠢᠯᠳᠤᠭᠠᠨ ᠳᠠᠢᠨ ᠳᠤ
ᠪᠠᠢᠬᠤ ᠦᠭᠡᠢ ᠭᠠᠵᠠᠷ ᠡᠴᠡ ᠭᠠᠷᠤᠭᠠᠳ ᠢᠷᠡᠳᠡᠭ
ᠪᠠᠢᠷᠢ ᠨᠢ ᠬᠦᠨ ᠤᠬᠠᠭᠠᠨ
ᠬᠦᠨ ᠳᠦᠨᠢ ᠬᠥᠮᠦᠰ ᠤᠷᠤᠵᠦ ᠳᠡᠢᠯᠬᠦ ᠦᠭᠡᠢ ᠪᠠᠢᠪᠠ
ᠰᠡᠭᠦᠯ ᠳᠦᠨᠢ ᠳᠡᠯᠡᠬᠡᠢ
ᠨᠢᠭᠤᠴᠠ ᠳᠤᠪᠴᠢᠶᠠᠨ ᠢ ᠨᠢ ᠰᠤᠳᠤᠯᠪᠠ
ᠰᠦᠷᠦᠭ ᠮᠠᠯ ᠤᠨ ᠬᠢᠨᠢ
ᠬᠢᠩᠭ᠎ᠠ ᠰᠢᠯᠪᠢᠨ ᠳᠦᠨᠢ ᠣᠷᠤᠲᠠᠯ᠎ᠠ ᠰᠤᠳᠤᠯᠪᠠ
ᠡᠴᠦᠰ ᠳᠡᠬᠡᠨ
ᠪᠤᠯᠠᠰᠢ ᠶᠢ ᠨᠢ ᠡᠷᠢᠬᠦ ᠪᠡᠷ ᠪᠣᠯᠪᠠ
ᠡᠬᠡ ᠭᠠᠵᠠᠷ ᠡᠴᠡ ᠮᠢᠨᠢ
ᠡᠷᠢᠭᠡᠳ ᠡᠷᠢᠭᠡᠳ ᠣᠯᠤᠭᠰᠠᠨ ᠦᠭᠡᠢ
ᠲᠡᠷᠡ ᠪᠤᠯᠠᠰᠢ ᠡᠴᠡ
ᠡᠷᠳᠡᠨᠢ ᠶᠢ ᠨᠢ ᠠᠪᠬᠤ ᠬᠡᠪᠡ ᠤᠤ
ᠲᠡᠭᠷᠢ ᠶᠢᠨ ᠶᠠᠭᠤᠮ᠎ᠠ ᠶᠢ
ᠭᠠᠵᠠᠷ ᠡᠴᠡ ᠡᠷᠢᠭᠡᠳ ᠪᠣᠯᠳᠠᠭ ᠴᠦ ᠶᠤᠮ ᠤᠤ ᠳ᠋ᠧ︕