ᠡᠵᠡᠨ ᠵᠠᠩᠭᠠᠷ ᠤᠨ ᠬᠣᠪᠤᠭᠰᠠᠢᠷ江格尔故乡和布格赛尔

ᠡᠵᠡᠨ ᠵᠠᠩᠭᠠᠷ ᠤᠨ ᠬᠣᠪᠤᠭᠰᠠᠢᠷ

         ᠨᠠᠰᠤᠨ

ᠲᠡᠭᠷᠢ ᠳᠦ ᠲᠤᠤᠯᠢ  ᠪᠡᠨ ᠬᠠᠢᠯᠠᠨ ᠬᠢᠯᠠᠯᠵᠠᠬᠤ ᠮᠥᠰᠦᠲᠦ ᠣᠷᠭᠢᠯ ᠨᠢ
  ᠲᠡᠨᠢᠭᠡᠷ ᠲᠠᠢᠪᠤᠩ ᠬᠠᠷᠠᠭᠳᠠᠬᠤ ᠰᠠᠢᠷᠢ ᠶᠢᠨ ᠥᠨᠳᠦᠷ ᠠᠭᠤᠯᠠᠨ ᠳ᠋ᠠᠭᠠᠨ
  ᠨᠠᠷᠠᠨ ᠮᠢᠰᠢᠶᠠᠵᠦ ᠡᠷᠲᠡ ᠳᠦ ᠰᠠᠴᠤᠯᠢ ᠪᠠᠨ ᠡᠷᠭᠦᠨ ᠰᠦᠵᠢᠷᠡᠵᠦ
  ᠨᠠᠮᠳᠠᠷ ᠲᠡᠤᠬᠡ ᠪᠡᠨ ᠪᠦᠳᠦᠬᠡᠭᠰᠡᠨ ᠲᠣᠷᠭᠤᠳ ᠮᠣᠩᠭᠤᠯ ᠲᠦᠮᠡᠨ ᠡ

ᠡᠷᠢᠨ ᠡᠷᠢᠨ ᠳᠦ ᠪᠠᠯᠠᠷᠠᠭ᠎ᠠ ᠦᠭᠡᠢ ᠳᠣᠮᠤᠭ ᠲᠡᠦᠬᠡ ᠲᠠᠢ
  ᠵᠢᠷᠠᠨ ᠵᠢᠷᠠᠨ ᠳᠤ ᠰᠤᠯᠠᠷᠠᠭ᠎ᠠ ᠦᠭᠡᠢ ᠣᠮᠤᠭ ᠵᠣᠷᠢᠭ ᠲᠠᠢ
  ᠵᠠᠭᠤᠨ ᠵᠠᠭᠤᠨ ᠳᠤ ᠬᠤᠪᠢᠷᠠᠭ᠎ᠠ ᠦᠭᠡᠢ ᠴᠢᠩ ᠰᠡᠳᠭᠢᠯ ᠲᠠᠢ
  ᠮᠢᠩᠭ᠎ᠠ ᠮᠢᠩᠭᠠᠨ ᠳᠤ ᠳᠠᠭᠤᠯᠠᠨ᠎ ᠬᠠᠢᠯᠠᠬᠤ ᠡᠴᠡ ᠡᠵᠡᠨ ᠵᠠᠩᠭᠠᠷ ᠤᠨ ᠬᠣᠪᠤᠭᠰᠠᠢᠷ ᠡ

ᠬᠤᠭᠤᠷ ᠲᠣᠪᠰᠢᠭᠤᠷ ᠬᠣᠣᠰᠯᠠᠨ ᠤᠶᠠᠩᠭᠠᠯᠠᠬᠤ ᠳᠡᠭᠵᠢᠨ ᠤᠷᠤᠰᠭᠠᠯ ᠨᠢ
  ᠬᠤᠯᠠ ᠶᠢᠨ ᠬᠤᠯᠠ ᠶᠢ ᠬᠥᠭᠯᠡᠨ ᠤᠭᠠᠯᠵᠠᠯᠠᠬᠤ ᠬᠤᠪᠤᠭ ᠤᠨ ᠭᠣᠣᠯ ᠳ᠋ᠠᠭᠠᠨ
  ᠤᠴᠠᠷᠠᠨ ᠵᠤᠯᠭᠠᠬᠤ ᠶᠢᠨ ᠢᠷᠦᠭᠡᠯ ᠢᠶᠡᠷ ᠬᠦᠯᠦᠭ ᠢᠶᠡᠨ ᠤᠰᠤᠯᠠᠨ ᠲᠠᠢᠳᠬᠤᠷᠠᠵᠦ
  ᠤᠳᠤᠮ ᠰᠤᠳᠤᠷ ᠢᠶᠠᠨ ᠳᠡᠭᠡᠳᠦᠯᠡᠭᠰᠡᠨ ᠲᠣᠷᠭᠤᠳ ᠮᠣᠩᠭᠤᠯ ᠲᠦᠮᠡᠨ ᠡ

ᠳᠣᠷᠤᠨ᠎ᠠ ᠥᠷᠦᠨ᠎ᠡ ᠶᠢ ᠳᠣᠩᠰᠤᠯᠭᠠᠨ ᠬᠦᠤᠷᠨᠢᠬᠦ ᠭᠠᠢᠬᠠᠮᠰᠢᠭᠳᠦ ᠦᠯᠢᠭᠡᠷ ᠢ
  ᠳᠤᠭᠳᠤᠯᠠᠨ ᠪᠠᠬᠠᠳᠤᠵᠦ ᠴᠢᠩᠨᠠᠨ ᠪᠠᠶᠠᠰᠬᠤ ᠬᠣᠪᠤᠭᠰᠠᠢᠷ ᠨᠤᠳᠤᠭ ᠳᠠᠭᠠᠨ
  ᠳᠣᠮᠤᠭ ᠲᠤᠤᠯᠢᠰ ᠤᠨ ᠳᠡᠭᠡᠳᠦ ᠳᠦ ᠵᠠᠩᠭᠠᠷ ᠪᠠᠭᠠᠳᠤᠷ ᠢᠶᠠᠨ ᠬᠠᠢᠯᠠᠨ
  ᠣᠮᠤᠭ ᠬᠡᠢᠮᠣᠷᠢ ᠨᠢ ᠪᠠᠳᠠᠷᠠᠭᠰᠠᠨ ᠲᠣᠷᠭᠤᠳ ᠮᠣᠩᠭᠤᠯ ᠲᠦᠮᠡᠨ ᠡ

Posted in ᠤᠷᠠᠨ ᠵᠤᠬᠢᠶᠠᠯ |作品赏析.