1 ᠨᠠᠰᠤᠨ ᠡᠴᠡ ᠲᠤᠷᠤᠭᠰᠢᠬᠢ ᠨᠢᠯᠬ᠎ᠠ ᠬᠡᠦᠬᠡᠳ ᠤᠨ ᠰᠦᠨ ᠪᠦᠲᠦᠭᠡᠭ᠍ᠳᠡᠬᠦᠨ ···1岁以下婴儿配方乳制品··

1 ᠨᠠᠰᠤᠨ ᠡᠴᠡ ᠲᠤᠷᠤᠭᠰᠢᠬᠢ ᠨᠢᠯᠬ᠎ᠠ ᠬᠡᠦᠬᠡᠳ ᠤᠨ ᠰᠦᠨ ᠪᠦᠲᠦᠭᠡᠭ᠍ᠳᠡᠬᠦᠨ ᠢ ᠵᠠᠷ ᠰᠤᠷᠳᠠᠯᠴᠢᠯᠠᠭ᠎ᠠ ᠪᠡᠷ ᠤᠬᠠᠭᠤᠯᠵᠤ ᠪᠤᠯᠬᠤ ᠦᠭᠡᠢ

ᠣᠢᠷ᠎ᠠ ᠳᠤ᠂ ᠤᠯᠤᠰ ᠤᠨ ᠬᠦᠭ᠍ᠵᠢᠬᠦᠯᠦᠯᠳᠡ ᠦᠬᠡᠷᠡᠴᠢᠯᠡᠯᠳᠡ ᠶᠢᠨ ᠵᠦᠪᠯᠡᠯ ᠵᠡᠷᠬᠡ 7 ᠰᠠᠯᠠᠭ᠎ᠠ ᠮᠦᠴᠢᠷ ᠤᠨ ᠬᠢᠨ ᠬᠠᠮᠳᠤᠷᠠᠨ 《ᠨᠢᠯᠬ᠎ᠠ ᠬᠡᠦᠬᠡᠳ ᠤᠨ ᠤᠯᠤᠰ ᠤᠨ ᠲᠤᠳᠤᠭᠠᠳᠤ ᠳᠤ ᠦᠢᠯᠡᠳᠪᠦᠷᠢᠯᠡᠭᠰᠡᠨ ᠰᠦᠨ ᠲᠠᠯᠬ᠎ᠠ ᠶᠢᠨ ᠴᠢᠨᠠᠷ ᠢ ᠲᠡᠭᠡᠭ᠍ᠰᠢᠯᠡᠬᠦᠯᠬᠦ ᠠᠵᠢᠯᠯᠠᠭᠠᠨ ᠤ ᠲᠦᠰᠦᠯ》 ᠢ᠋ ᠲᠠᠷᠤᠮᠠᠯᠯᠠᠨ ᠨᠡᠶᠢᠳᠡᠯᠡᠪᠡ᠃《ᠲᠦᠰᠦᠯ》 ᠨᠢ ᠴᠢᠨᠠᠷ ᠢ ᠲᠡᠭᠡᠭ᠍ᠰᠢᠯᠡᠬᠦᠯᠬᠦ᠂ ᠦᠢᠯᠡᠳᠪᠦᠷᠢ ᠶᠢᠨ ᠲᠡᠰ ᠲᠡᠪᠰᠢᠬᠦ᠂ ᠪᠷᠧᠨ᠋ᠳ᠋ ᠪᠤᠯᠭᠠᠬᠤ ᠭᠤᠷᠪᠠᠨ ᠲᠠᠯ᠎ᠠ ᠪᠡᠷ ᠦᠷᠨᠢᠬᠦᠯᠦᠭᠳᠡᠨ᠎ᠡ᠃
   《ᠲᠦᠰᠦᠯ》 ᠳ᠋ᠤ᠂ ᠨᠢᠯᠬ᠎ᠠ ᠬᠡᠦᠬᠡᠳ ᠤᠨ ᠰᠦᠨ ᠲᠠᠯᠬ᠎ᠠ ᠶᠢᠨ ᠪᠠᠷᠢᠮᠵᠢᠶᠠᠨ ᠤ ᠲᠦᠪᠰᠢᠨ ᠢ 60% ᠡᠴᠡ ᠲᠡᠭᠡᠭ᠍ᠰᠢ ᠪᠤᠯᠭᠠᠬᠤ ᠪᠡᠷ ᠴᠢᠷᠮᠠᠶᠢᠨ᠎ᠠ᠃ ᠪᠦᠲᠦᠭᠡᠭ᠍ᠳᠡᠬᠦᠨ ᠤ ᠴᠢᠨᠠᠷ ᠤᠨ ᠠᠶᠤᠯᠬᠦᠢ ᠶᠢ ᠪᠠᠳᠤᠯᠠᠬᠤ᠂ ᠴᠢᠨᠠᠷ ᠢ ᠠᠭᠠᠵᠢᠮ ᠢᠶᠡᠷ ᠲᠡᠭᠡᠭ᠍ᠰᠢᠯᠡᠬᠦᠯᠵᠤ᠂ ᠬᠡᠷᠡᠭᠯᠡᠭᠴᠢᠳ ᠤᠨ ᠢᠳᠡᠬᠡᠯ ᠪᠤᠯᠤᠨ ᠰᠡᠳᠬᠢᠯ ᠬᠠᠨᠤᠮᠵᠢ ᠶᠢ ᠢᠯᠡᠷᠬᠡᠢ ᠲᠡᠭᠡᠭ᠍ᠰᠢᠯᠡᠬᠦᠯᠦᠨ᠎ᠡ᠃ ᠠᠵᠤ ᠦᠢᠯᠡᠰ ᠤᠨ ᠪᠦᠲᠦᠴᠡ ᠶᠢ ᠤᠯᠠᠮ ᠢᠶᠡᠷ ᠰᠢᠯᠢᠳᠡᠭᠵᠢᠬᠦᠯᠵᠤ᠂ ᠠᠵᠢᠯ ᠲᠦᠷᠦᠯ ᠤᠨ ᠲᠦᠪᠯᠡᠷᠡᠯ ᠪᠤᠯᠤᠨ ᠮᠡᠷᠬᠡᠵᠢᠯ ᠲᠤᠨᠤᠭ ᠲᠦᠭᠦᠬᠡᠷᠦᠮᠵᠢ ᠶᠢᠨ ᠲᠦᠪᠰᠢᠨ ᠢᠶᠡᠨ ᠲᠠᠰᠤᠷᠠᠯᠳᠠ ᠦᠭᠡᠢ ᠲᠡᠭᠡᠭ᠍ᠰᠢᠯᠡᠬᠦᠯᠦᠨ᠎ᠡ᠃ ᠪᠦᠲᠦᠭᠡᠭ᠍ᠳᠡᠬᠦᠨ ᠤ ᠦᠷᠢᠰᠦᠯᠳᠤᠬᠡᠨ ᠤ ᠬᠦᠴᠦ ᠶᠢ ᠤᠯᠠᠮ ᠢᠶᠡᠷ ᠨᠡᠮᠡᠭᠳᠡᠬᠦᠯᠵᠤ᠂ ᠵᠠᠬ᠎ᠠ ᠵᠡᠬᠡᠯᠢ ᠶᠢᠨ ᠪᠤᠷᠤᠯᠠᠭᠤᠯᠤᠭ᠎ᠠ ᠶᠢᠨ ᠨᠤᠷᠮ᠎ᠠ ᠶᠢ ᠢᠯᠡᠷᠬᠡᠢ ᠲᠡᠭᠡᠭ᠍ᠰᠢᠯᠡᠬᠦᠯᠵᠤ᠂ ᠨᠢᠯᠬ᠎ᠠ ᠬᠡᠦᠬᠡᠳ ᠤᠨ ᠲᠤᠮᠳᠠᠳᠤ ᠤᠯᠤᠰ ᠤᠨ ᠪᠷᠧᠨ᠋ᠳ᠋ ᠤᠨ ᠰᠦᠨ ᠲᠠᠯᠬ᠎ᠠ ᠶᠢ ᠤᠯᠤᠰ ᠤᠨ ᠲᠤᠳᠤᠭᠠᠳᠤ ᠶᠢᠨ ᠵᠠᠬ᠎ᠠ ᠵᠡᠬᠡᠯᠢ ᠳ᠋ᠡᠬᠢ ᠵᠡᠷᠬᠡ ᠲᠡᠰ ᠢ ᠢᠯᠡᠷᠬᠡᠢ ᠲᠡᠭᠡᠭ᠍ᠰᠢᠬᠦᠯᠦᠨ᠎ᠡ ᠬᠡᠵᠤ ᠲᠤᠷᠠᠳᠪᠠ᠃
   《ᠲᠦᠰᠦᠯ》 ᠳ᠋ᠤ ᠪᠠᠰᠠ᠂ 0-1 ᠨᠠᠰᠤᠨ ᠤ ᠨᠢᠯᠬ᠎ᠠ ᠬᠡᠦᠬᠡᠳ ᠤᠨ ᠢᠳᠡᠬᠡᠨ ᠤ ᠰᠦᠨ ᠲᠠᠯᠬ᠎ᠠ ᠶᠢᠨ ᠪᠦᠲᠦᠬᠡᠭ᠍ᠳᠡᠬᠦᠨ ᠢ ᠵᠠᠷ ᠰᠤᠷᠳᠠᠯᠴᠢᠯᠠᠭ᠎ᠠ ᠪᠡᠷ ᠤᠬᠠᠭᠤᠯᠵᠤ ᠪᠤᠯᠬᠤ ᠦᠭᠡᠢ ᠬᠡᠵᠤ ᠲᠤᠷᠠᠳᠴᠠᠢ᠃
   ᠢᠷᠡᠯᠳᠡ᠄ᠦᠪᠦᠷ ᠮᠣᠩᠭᠣᠯ ᠤᠨ ᠭᠢᠶᠠᠨ ᠰᠦᠯᠵᠢᠶ᠎ᠡ《ᠲᠤᠮᠳᠠᠳᠤ ᠤᠯᠤᠰ ᠤᠨ ᠮᠤᠩᠭᠤᠯ ᠬᠡᠯᠡᠡ ᠶᠢᠨ ᠰᠤᠨᠢᠠ ᠮᠠᠳᠡᠭᠡ ᠶᠢᠨ ᠰᠦᠯᠵᠢᠶ᠎ᠠ 》ᠡᠴᠡ ᠰᠢᠯᠵᠢᠬᠦᠯᠤᠨ ᠪᠠᠭᠤᠯᠭᠠᠪᠠ᠃

1岁以下婴儿配方乳制品禁止广告宣传

近日,国家发改委等7部门联合印发《国产婴幼儿配方乳粉提升行动方案》。《方案》围绕品质提升、产业升级、品牌培育三方面展开。
  《方案》提出,力争婴幼儿配方乳粉自给水平稳定在60%以上;产品质量安全可靠,品质稳步提升,消费者信心和满意度明显提高;产业结构进一步优化,行业集中度和技术装备水平继续提升;产品竞争力进一步增强,市场销售额显著提高,中国品牌婴幼儿配方乳粉在国内市场的排名明显提升。
  《方案》还提出,不得对0-12个月龄婴儿食用的婴儿配方乳制品进行广告宣传。
     来源:内蒙古启言网摘自《新京报》

 
 
Posted in ᠲᠠᠨᠭᠰᠤᠭ ᠢᠳᠡᠭᠡᠨ |舌尖美味.