ᠮᠠᠯᠴᠢᠳ ᠰᠢᠨᠵᠢᠯᠡᠬᠥ ᠤᠬᠠᠭᠠᠨᠴᠢ ᠪᠠᠷ ᠪᠡᠯᠴᠢᠭᠡᠷ ᠵᠶᠠᠨ ᠡᠵᠡᠩᠨᠡᠬᠥ APP ·· “智慧草场”APP即时管理草原

ᠮᠠᠯᠴᠢᠳ ᠰᠢᠨᠵᠢᠯᠡᠬᠥ ᠤᠬᠠᠭᠠᠨᠴᠢ ᠪᠠᠷ ᠪᠡᠯᠴᠢᠭᠡᠷ ᠵᠶᠠᠨ ᠡᠵᠡᠩᠨᠡᠬᠥ APP ᠲᠠᠢ ᠪᠣᠯᠣᠯ᠎ᠠ

ᠣᠢᠷ᠎ᠠ ᠳ᠋ᠥ ᠂ ᠥᠪᠦᠷ ᠮᠣᠩᠭᠣᠯ ᠤᠨ ᠨᠡᠯᠢᠶᠡᠳ ᠣᠯᠠᠨ ᠮᠠᠯᠴᠢᠨ 《ᠪᠡᠯᠴᠢᠭᠡᠷ ᠦᠨ ᠤᠷᠠᠨ ᠡᠵᠡᠩᠨᠡᠯᠳᠡ》 (“智慧草场”) ᠭᠡᠭᠴᠢ ᠨᠢᠭᠡᠨ APP ᠵᠢ ᠭᠠᠷ ᠤᠳᠠᠰᠤᠨ ᠳ᠋ᠠᠭᠠᠨ ᠪᠠᠭᠤᠯᠭᠠᠭᠰᠠᠨ ᠶᠤᠮ ᠃ ᠳᠤᠰ APPᠨᠢ ᠮᠠᠯᠴᠢᠳ ᠤᠨ ᠪᠡᠯᠴᠢᠭᠡᠷ ᠤᠰᠤᠨ ᠤ ᠲᠠᠯᠠᠪᠠᠢ᠂ ᠮᠠᠯ ᠰᠦᠷᠦᠭ ᠦᠨ ᠳᠦᠷᠦᠯ ᠵᠦᠢᠯ ᠂ ᠲᠤᠭ᠎ᠠ ᠲᠤᠯᠤᠭᠠᠢ ᠵᠡᠷᠭᠡ ᠮᠡᠳᠡᠭᠡ ᠵᠠᠩᠭᠢ ᠵᠢᠴᠢ ᠪᠡᠯᠴᠢᠭᠡᠷ ᠦᠨ ᠭᠡᠷᠡᠯ ᠵᠢᠷᠣᠭ ᠢ ᠦᠨᠳᠦᠰᠦᠯᠡᠵᠥ᠂ ᠮᠠᠯᠴᠢᠳ ᠲᠣ ᠳᠣᠬᠠᠢ ᠵᠢᠨ ᠪᠡᠯᠴᠢᠭᠡᠷ ᠵᠶᠠᠨ ᠬᠢᠷᠬᠢᠨ ᠡᠵᠡᠩᠨᠡᠨ ᠬᠠᠮᠢᠶᠠᠷᠬᠤ ᠳᠤᠬᠠᠢ ᠰᠢᠨᠵᠢᠯᠡᠬᠦ ᠤᠬᠠᠭᠠᠨᠴᠢ ᠰᠠᠨᠠᠯ ᠰᠠᠨᠠᠭᠤᠯᠭ᠎ᠠ ᠦᠭᠳᠡᠭ ᠃ ᠮᠠᠯᠴᠢᠳ ᠲᠤᠰ APP ᠡᠴᠠ ᠦᠭᠭᠦᠭᠰᠡᠨ ᠵᠥᠪᠯᠡᠯᠭᠡ ᠵᠢ ᠦᠨᠳᠦᠰᠥᠯᠡᠵᠥ ᠂ᠮᠠᠯ ᠮᠠᠯᠵᠢᠬᠤ ᠳᠦᠯᠥᠪᠯᠡᠭᠡ ᠪᠡᠨ ᠴᠠᠭ ᠳᠤᠬᠠᠢ ᠳ᠋ᠤᠨᠢ ᠵᠤᠬᠢᠴᠠᠭᠤᠯᠵᠤ᠂ ᠲᠠᠭᠠᠭᠠᠴᠠ ᠡᠴᠠ ᠨᠢ ᠲᠠᠪᠠᠭᠤᠯᠵᠦ ᠮᠠᠯᠵᠢᠬᠤ ᠡᠴᠠ ᠪᠣᠯᠣᠭᠰᠠᠨ ᠪᠡᠯᠴᠢᠭᠡᠷ ᠡᠪᠡᠰᠥᠨ ᠤ ᠡᠪᠳᠡᠭᠳᠡᠯ ᠢ ᠤᠷᠢᠳᠴᠢᠯᠠᠨ ᠰᠡᠷᠭᠡᠢᠯᠡᠵᠥ ᠪᠣᠯᠣᠨ᠎ᠠ᠃ ᠮᠠᠯᠴᠢᠳ ᠥᠪᠡᠷ ᠦᠨ ᠡᠪᠡᠰᠥ ᠪᠡᠯᠴᠢᠭᠡᠷ ᠦᠨ ᠲᠠᠯᠠᠪᠠᠢ ᠵᠢ ᠳᠤᠳᠤᠷᠬᠠᠢ ᠮᠡᠳᠡᠭᠦ ᠦᠭᠡᠢ ᠪᠠᠢᠳᠠᠯ ᠳ᠋ᠥ ᠂ ᠭᠠᠷ ᠤᠳᠠᠰᠤ  ᠪᠠᠨ ᠪᠠᠷᠢᠭᠠᠳ ᠪᠡᠯᠴᠢᠭᠡᠷ ᠵᠶᠠᠨ ᠨᠢᠭᠡ ᠳᠣᠭᠣᠷᠢᠬᠤ ᠳ᠋ᠥ ᠂ ᠲᠤᠰ APP ᠲᠡᠷᠡ ᠲᠠᠷᠤᠢᠬᠠᠨ ᠪᠡᠯᠴᠢᠭᠡᠷ  ᠤᠨ ᠲᠠᠯᠠᠪᠠᠢ ᠵᠢ ᠪᠦᠷᠢᠳᠭᠡᠵᠦ ᠭᠠᠷᠭᠠᠳᠠᠭ ᠃
   ᠢᠷᠡᠯᠳᠡ᠄ᠦᠪᠦᠷ ᠮᠣᠩᠭᠣᠯ ᠤᠨ ᠭᠢᠶᠠᠨ ᠰᠦᠯᠵᠢᠶ᠎ᠡ《ᠠᠷᠠᠳ ᠤᠨ ᠰᠦᠯᠵᠢᠶ᠎ᠠ 》ᠡᠴᠡ ᠰᠢᠯᠵᠢᠬᠦᠯᠤᠨ ᠪᠠᠭᠤᠯᠭᠠᠪᠠ᠃

“智慧草场”APP即时管理草原

最近,在内蒙古大草原上,许多牧民的手机上添了一款名为“智慧草场”的APP。牧民们只需输入自家草场的面积、畜群组成等,再拍下草场的照片,APP就会对当下的草场管理给出实时建议。牧民可以根据APP的反馈,及时调整放牧计划,避免因过载过牧对草场造成破坏。如果牧民不了解自己草场的具体面积,只需要拿着手机绕草场走一圈,“智慧草场”APP就会自动给出草场的面积。
  来源:内蒙古启言网摘自《中国绿色时报》

 
 
Posted in ᠤᠷᠤᠨ ᠨᠤᠲᠤᠭ |农牧信息.