《ᠰᠠᠶᠢᠨ ᠤᠤ᠂ ᠵᠤᠮ᠎ᠠ》ᠤᠯᠠᠨ ᠤᠯᠤᠰ ᠤᠨ ···《你好,卓玛!》进军国际市场

ᠳᠦᠪᠡᠳ ᠤᠨ ᠺᠠᠷᠲ᠋ᠤᠨ ᠵᠦᠴᠦᠬᠡ 《ᠰᠠᠶᠢᠨ ᠤᠤ᠂ ᠵᠤᠮ᠎ᠠ》 ᠤᠯᠠᠨ ᠤᠯᠤᠰ ᠤᠨ ᠵᠠᠬ᠎ᠠ ᠳᠤ ᠭᠠᠷᠴᠠᠢ

ᠤᠶᠢᠷ᠎ᠠ ᠶᠢᠨ ᠡᠳᠦᠷ ᠂ ᠳᠦᠪᠡᠳ ᠤᠨ ᠳᠤᠮᠤ ᠬᠡᠯᠪᠡᠷᠢ ᠶᠢᠨ ᠺᠠᠷᠲ᠋ᠤᠨ ᠵᠦᠴᠦᠬᠡ 《ᠰᠠᠶᠢᠨ ᠤᠤ᠂ ᠵᠤᠮ᠎ᠠ》 ᠹᠷᠠᠨᠼᠢ ᠶᠢᠨ ᠭᠠᠨᠠ ᠲᠧᠯᠧᠶ᠋ᠰ ᠨᠡᠪᠳᠡᠷᠡᠬᠦᠯᠬᠡ ᠪᠡᠷ ᠨᠡᠪᠳᠡᠷᠡᠬᠦᠯᠦᠭᠳᠡᠵᠤ᠂ ᠡᠧᠦ᠋ᠷᠦᠫᠠ ᠠᠮᠧᠷᠢᠺᠡ ᠶᠢᠨ ᠦᠵᠡᠭᠴᠢᠳ ᠤᠨ ᠰᠤᠨᠢᠷᠬᠠᠯ ᠢ ᠳᠠᠳᠠᠭᠰᠠᠨ ᠪᠠᠶᠢᠨ᠎ᠠ᠃ ᠳᠤᠰ ᠵᠦᠴᠦᠬᠡ ᠨᠢ ᠳᠦᠪᠡᠳ ᠡᠴᠡ ᠤᠯᠠᠨ ᠤᠯᠤᠰ ᠤᠨ ᠵᠠᠬ᠎ᠠ ᠶᠢ ᠵᠤᠷᠢᠭᠰᠠᠨ ᠠᠩᠬᠠᠨ ᠤ ᠳᠤᠮᠤ ᠬᠡᠯᠪᠡᠷᠢ ᠶᠢᠨ ᠺᠠᠷᠲ᠋ᠤᠨ ᠴᠤᠪᠤᠷᠠᠯ ᠵᠦᠴᠦᠬᠡ ᠪᠤᠯᠬᠤ ᠪᠦᠬᠡᠳ ᠤᠳᠤᠬᠠᠨ ᠳᠤ ᠠᠮᠧᠷᠢᠺᠡ᠂ ᠺᠠᠨᠠᠳᠠ᠂ ᠠᠩᠭ᠍᠍ᠯᠢ᠂ ᠢᠲ᠋ᠠᠯᠢ᠂ ᠭᠧᠷᠮᠠᠨ ᠵᠡᠷᠬᠡ ᠤᠯᠤᠰ ᠤᠳ ᠬᠤᠳᠠᠯᠳᠤᠨ ᠠᠪᠬᠤ ᠪᠤᠶᠤ ᠳᠠᠷᠬᠠᠭᠠᠬᠤ ᠬᠡᠯᠡᠯᠴᠡᠬᠡᠷ ᠪᠠᠶᠢᠭᠤᠯᠬᠤ ᠪᠡᠷ ᠪᠤᠢ᠃
  ᠳᠤᠰ ᠵᠦᠴᠦᠬᠡ ᠶᠢ ᠳᠦᠪᠡᠳ ᠤᠨ ᠶᠠᠵᠢᠶᠠᠩ ᠢᠨᠲ᠋ᠧᠷᠨᠧᠲ ᠲᠧᠭᠨᠤᠯᠤᠬᠢ ᠶᠢᠨ ᠬᠢᠵᠠᠭᠠᠷᠳᠤ ᠺᠤᠮᠫᠠᠨᠢ ᠪᠤᠯᠤᠨ ᠡᠾᠧᠨᠠᠨ ᠤ ᠶᠤᠧᠠᠢ ᠺᠧ ᠺᠠᠷᠲ᠋ᠤᠨ ᠬᠡᠤᠬᠡᠯᠳᠡᠢ ᠶᠢᠨ ᠺᠢᠨᠣ᠋ ᠵᠦᠴᠦᠬᠡ ᠶᠢᠨ ᠬᠢᠵᠠᠭᠠᠷᠳᠤ ᠺᠤᠮᠫᠠᠨᠢ ᠡᠴᠡ ᠬᠠᠮᠳᠤᠷᠠᠨ ᠳᠤᠮᠳᠠᠳᠤ ᠤᠯᠤᠰ ᠤᠨ ᠺᠠᠷᠲ᠋ᠤᠨ ᠬᠡᠤᠬᠡᠯᠳᠡᠢ ᠵᠦᠴᠦᠬᠡ ᠪᠠ ᠤᠤᠭᠠᠯ ᠬᠦᠳᠡᠯᠬᠡᠬᠦ ᠬᠦᠴᠦᠨ ᠱᠠᠩᠨᠠᠯ ᠬᠦᠷᠳᠡᠭᠰᠡᠨ 《ᠯᠤᠪᠰᠠᠩ ᠬᠢᠬᠡᠳ ᠵᠤᠮ᠎ᠠ》 ᠴᠤᠪᠤᠷᠠᠯ ᠵᠢᠷᠤᠭᠳᠤ ᠳᠡᠪᠳᠡᠷ ᠢ ᠦᠬᠡᠷᠡᠴᠢᠯᠡᠨ ᠨᠠᠶᠢᠷᠠᠭᠤᠯᠵᠤ ᠪᠦᠳᠦᠬᠡᠭᠰᠡᠨ ᠶᠤᠮ᠃ ᠡᠬᠦᠨ ᠳᠤ ᠬᠦᠭᠡᠷᠦᠬᠦᠨ᠂ ᠴᠠᠭᠠᠪᠤᠷ᠂ ᠪᠠᠶᠠᠰᠤᠩᠭᠤᠢ ᠳᠦᠪᠡᠳ ᠦᠬᠢᠨ ᠵᠤᠮ᠎ᠡ ᠪᠤᠯᠤᠨ ᠡᠬᠡ ᠪᠠᠶᠢᠭᠠᠯᠢ ᠶᠢᠨ ᠠᠮᠢᠳᠠᠳ ᠬᠤᠭᠤᠷᠤᠨᠳᠤ ᠶᠢᠨ ᠡᠶ᠎ᠡ ᠨᠠᠶᠢᠷᠰᠠᠭ ᠦᠯᠢᠬᠡᠷ ᠤᠴᠠᠷᠠᠯ ᠢ ᠳᠤᠭᠤᠷᠪᠢᠵᠠᠢ᠃
    ᠢᠷᠡᠯᠳᠡ᠄ᠦᠪᠦᠷ ᠮᠣᠩᠭᠣᠯ ᠤᠨ ᠭᠢᠶᠠᠨ ᠰᠦᠯᠵᠢᠶ᠎ᠡ《ᠰᠢᠨᠬᠤᠧᠠ ᠬᠤᠷᠢᠶ᠎ᠠ ᠶᠢᠨ ᠰᠦᠯᠵᠢᠶ᠎ᠠ》ᠡᠴᠡ ᠰᠢᠯᠵᠢᠬᠦᠯᠤᠨ ᠪᠠᠭᠤᠯᠭᠠᠪᠠ᠃

西藏大型动画剧《你好,卓玛!》进军国际市场

近日,西藏首部进军国际市场的大型动画系列剧《你好,卓玛!》样片,亮相法国戛纳MIPTV电视节目展,受到欧美客户青睐。截至目前,已有美国、加拿大、英国、意大利、德国等国客户商洽购买和发行事宜。
  这部动画剧由西藏雅江网络科技有限公司与河南约克动漫影视股份有限公司联合制作,根据荣获中国原创动漫“原动力”奖的《洛桑和卓玛》系列绘本改编制作,讲述了纯洁、善良、乐观的藏族小女孩卓玛与大自然中的动物和谐共生的故事。

    来源:内蒙古启言网摘自《新浪网》

 
 
Posted in ᠰᠤᠶᠤᠯ ᠤᠷᠠᠯᠢᠭ |文化信息 and tagged .