ᠡᠧᠦ᠊ᠢ᠊ᠷ᠊᠊ᠣ᠊ — ᠠᠽᠢᠶ᠎ᠠ ᠵᠢᠨ ᠰᠤᠩᠭᠤᠳᠠᠭ ᠰᠤᠳᠤᠯᠤᠯ ᠤᠨ ··· “欧亚古典学视野下的··

ᠡᠧᠦ᠊ᠢ᠊ᠷ᠊᠊ᠣ᠊ — ᠠᠽᠢᠶ᠎ᠠ ᠵᠢᠨ ᠰᠤᠩᠭᠤᠳᠠᠭ ᠰᠤᠳᠤᠯᠤᠯ ᠤᠨ ᠬᠠᠷᠠᠭᠠᠨ ᠳ᠋ᠥ ᠬᠢ ᠮᠤᠩᠭᠤᠯ ᠰᠤᠷᠪᠤᠯᠵᠢ ᠰᠤᠳᠤᠯᠤᠯ ᠤᠨ ᠬᠤᠷᠠᠯ ᠪᠤᠯᠪᠠ

ᠲᠤᠮᠳᠠᠳᠣ ᠤᠯᠤᠰ ᠤᠨ ᠠᠷᠠᠳ ᠤᠨ ᠶᠡᠬᠡ ᠰᠤᠷᠭᠠᠭᠤᠯᠢ ᠵᠢᠨ ᠰᠤᠩᠭᠤᠳᠠᠭ ᠰᠤᠳᠤᠯᠤᠯ ᠤᠨ ᠲᠡᠭᠡᠳᠣ ᠰᠤᠷᠭᠠᠭᠤᠯᠢ ᠪᠤᠯᠤᠨ ᠠᠮᠧᠷᠢᠺᠠ ᠵᠢᠨ ᠫᠧᠨᠰᠢᠯᠧᠠᠨᠢᠶᠠ ᠶᠡᠬᠡ ᠰᠣᠷᠭᠠᠭᠤᠯᠢ ᠵᠢᠨ ᠲᠤᠷᠤᠨᠠᠳᠠᠬᠢᠨ ᠤ ᠰᠤᠳᠤᠯᠤᠯ ᠤᠨ ᠬᠦᠷᠢᠶᠡᠯᠡᠩ ᠬᠠᠮᠳᠤᠷᠠᠨ ᠡᠷᠬᠢᠯᠡᠭᠰᠡᠨ 《ᠡᠧᠦ᠊ᠢ᠊ᠷ᠊᠊ᠣ᠊ — ᠠᠽᠢᠶ᠎ᠠ ᠵᠢᠨ ᠰᠤᠩᠭᠤᠳᠠᠭ ᠰᠤᠳᠤᠯᠤᠯ ᠤᠨ ᠬᠠᠷᠠᠭᠠᠨ ᠳ᠋ᠥ ᠬᠢ ᠮᠤᠩᠭᠤᠯ ᠰᠤᠷᠪᠤᠯᠵᠢ ᠰᠤᠳᠤᠯᠤᠯ ᠤᠨ ᠰᠤᠳᠤᠯᠭᠠᠨ ᠤ ᠬᠤᠷᠠᠯ》ᠤᠢᠢᠷ᠎ᠡ ᠶᠢᠨ ᠡᠳᠦᠷ ᠲᠤᠮᠳᠠᠳᠣ ᠣᠯᠣᠰ ᠤᠨ ᠠᠷᠠᠳ ᠤᠨ ᠶᠡᠬᠡ ᠰᠤᠷᠭᠠᠭᠤᠯᠢ ᠳ᠋ᠥ ᠪᠣᠯᠪᠠ᠃
   ᠲᠤᠮᠳᠠᠳᠣ ᠣᠯᠣᠰ ᠤᠨ ᠠᠷᠠᠳ ᠤᠨ ᠶᠡᠬᠡ ᠰᠤᠷᠭᠠᠭᠤᠯᠢ ᠵᠢᠨ ᠰᠤᠩᠭᠤᠳᠠᠭ ᠰᠤᠳᠤᠯᠤᠯ ᠤᠨ ᠲᠡᠭᠡᠳᠣ ᠰᠤᠷᠭᠠᠭᠤᠯᠢ ᠨᠢ ᠲᠤᠳᠤᠭᠠᠳᠤ ᠡᠬᠡ ᠬᠠᠭᠤᠷᠠᠢ ᠵᠢᠨ ᠪᠤᠯᠤᠨ ᠡᠧᠦ᠊ᠢ᠊ᠷ᠊᠊ᠣ᠊ — ᠠᠽᠢᠶ᠎ᠠ ᠵᠢᠨ ᠰᠤᠩᠭᠤᠳᠠᠭ ᠰᠤᠳᠤᠯᠤᠯ ᠭᠡᠬᠦ ᠬᠤᠶᠠᠷ ᠴᠢᠭᠯᠡᠯ ᠵᠶᠡᠷ ᠰᠤᠳᠤᠯᠭᠠᠨ ᠤ ᠠᠵᠢᠯ ᠵᠶᠠᠨ ᠦᠷᠨᠢᠭᠦᠯᠳᠡᠭ᠃ ᠡᠧᠦ᠊ᠢ᠊ᠷ᠊᠊ᠣ᠊ — ᠠᠽᠢᠶ᠎ᠠ ᠵᠢᠨ ᠰᠤᠳᠤᠯᠤᠯ ᠨᠢ ᠭᠣᠣᠯᠳᠠᠭᠤ 《ᠨᠢᠭᠡ ᠪᠦᠰᠡ ᠨᠢᠭᠡ ᠵᠠᠮ》᠂ ᠲᠤᠷᠭᠠᠨ ᠤ ᠵᠠᠮ ᠳ᠋ᠥ ᠬᠢ ᠲᠡᠦᠬᠡ ᠰᠤᠳᠤᠯᠤᠯ ᠤᠨ ᠬᠦᠷᠢᠶᠡᠨ ᠳ᠋ᠥ ᠶᠠᠪᠤᠭᠳᠠᠳᠠᠭ᠃ ᠲᠤᠬᠠᠢᠯᠠᠪᠠᠯ ᠮᠠᠨ ᠤ ᠤᠯᠤᠰ ᠤᠨ ᠪᠠᠷᠠᠭᠤᠨ ᠬᠤᠢᠳᠤ ᠵᠢᠨ ᠪᠦᠰᠡ ᠨᠤᠲᠤᠭ᠂ ᠪᠠᠷᠠᠭᠤᠨ᠂ ᠲᠦᠪ ᠠᠽᠢᠶ᠎ᠠ ᠵᠢᠨ ᠤᠷᠤᠨ ᠤ ᠠᠷᠠᠳ ᠲᠦᠮᠡᠨ ᠦ ᠲᠡᠦᠬᠡ ᠰᠤᠶᠤᠯ ᠲᠠᠢ ᠡᠧᠦ᠊ᠢ᠊ᠷ᠊᠊ᠣ᠊ — ᠠᠽᠢᠶ᠎ᠠ ᠵᠢᠨ ᠡᠬᠡ ᠬᠠᠭᠤᠷᠠᠢ ᠵᠢᠨ ᠰᠤᠶᠤᠯ ᠲᠡᠦᠬᠡ ᠨᠢ ᠨᠢᠭᠳᠠ ᠬᠠᠷᠢᠴᠠᠭ᠎ᠠ ᠲᠠᠢ ᠪᠠᠢᠳᠠᠭ ᠶᠤᠮ᠃ ᠲᠡᠢᠮᠤ ᠡᠴᠡ ᠡᠨᠡ ᠲᠠᠯ᠎ᠠ ᠵᠢᠨ ᠰᠤᠳᠤᠯᠭᠠᠨ ᠨᠢ ᠡᠳᠡᠭᠡᠷ ᠤᠷᠤᠨ ᠨᠤᠭᠤᠳ ᠤ ᠰᠤᠶᠤᠯ ᠲᠡᠦᠬᠡ ᠵᠢᠨ ᠬᠠᠷᠢᠯᠴᠠᠭ᠎ᠠ ᠬᠤᠯᠪᠤᠭ᠎ᠠ᠂ ᠨᠦᠯᠦᠭᠡ ᠲᠤᠰᠬᠠᠯ ᠢ ᠭᠠᠷᠭᠠᠬᠤ ᠳ᠋ᠥ ᠴᠢᠬᠤᠯᠠ ᠠᠴᠢ ᠬᠤᠯᠪᠤᠭᠳᠠᠯ ᠲᠠᠢ᠃ ᠡᠧᠦ᠊ᠢ᠊ᠷ᠊᠊ᠣ᠊ — ᠠᠽᠢᠶ᠎ᠠ ᠵᠢᠨ ᠰᠤᠩᠭᠤᠳᠠᠭ ᠰᠤᠳᠤᠯᠤᠯ ᠤᠨ ᠲᠤᠳᠤᠷᠠᠬᠢ ᠰᠤᠷᠪᠤᠯᠵᠢ ᠪᠢᠴᠢᠭ᠌ ᠦᠨ ᠰᠤᠳᠤᠯᠤᠯ ᠳ᠋ᠥ ᠮᠤᠩᠭᠤᠯ᠂ ᠮᠠᠨᠵᠤ᠂ ᠬᠢᠳᠠᠳ᠂ ᠲᠦᠪᠡᠳ ᠬᠡᠯᠡ ᠡᠴᠡ ᠭᠠᠳᠠᠨ᠎ᠠ ᠴᠠᠭᠠᠳᠠᠢ ᠬᠡᠯᠡ᠂ ᠫᠧᠷᠰ ᠬᠡᠯᠡ᠂ ᠠᠷᠠᠪ ᠬᠡᠯᠡ᠂ ᠡᠷᠲᠡᠨ ᠦ ᠤᠷᠤᠰ ᠬᠡᠯᠡ ᠵᠡᠷᠭᠡ ᠤᠯᠠᠨ ᠬᠡᠯᠡᠨ ᠦ ᠰᠤᠳᠤᠯᠭ᠎ᠠ ᠬᠤᠯᠪᠤᠭᠳᠠᠨ᠎ᠠ᠃ ᠤᠯᠠᠨ ᠤᠯᠤᠰ ᠤᠨ ᠬᠡᠪᠴᠢᠶᠡᠨ ᠳ᠋ᠥ ᠡᠷᠳᠡᠮ ᠰᠢᠨᠵᠢᠯᠡᠬᠡᠨ ᠦ ᠬᠠᠮᠳᠤ ᠵᠢᠨ ᠠᠵᠢᠯᠯᠠᠭ᠎ᠠ ᠦᠷᠨᠢᠬᠦᠯᠵᠤ᠂ ᠰᠤᠷᠪᠤᠯᠵᠢ ᠪᠢᠴᠢᠭ᠌ ᠤᠨ ᠰᠤᠳᠤᠯᠭᠠᠨ ᠤ ᠲᠠᠯ᠎ᠠ ᠪᠠᠷ ᠡᠷᠴᠢᠮᠳᠡᠢ ᠬᠠᠮᠳᠤᠷᠠᠨ ᠠᠵᠢᠯᠯᠠᠵᠤ᠂ ᠰᠤᠷᠪᠤᠯᠵᠢ ᠪᠢᠴᠢᠭ ᠦᠨ ᠰᠤᠳᠤᠯᠭᠠᠨ ᠢ ᠬᠦᠭᠵᠢᠬᠦᠯᠬᠦ ᠨᠢ ᠡᠨᠡᠬᠦ ᠬᠤᠷᠠᠯ ᠤᠨ ᠭᠤᠤᠯ ᠵᠤᠷᠢᠯᠭ᠎ᠠ ᠪᠠᠢᠪᠠ᠃
   ᠢᠷᠡᠯᠳᠡ᠄ᠦᠪᠦᠷ ᠮᠣᠩᠭᠣᠯ ᠤᠨ ᠭᠢᠶᠠᠨ ᠰᠦᠯᠵᠢᠶ᠎ᠡ《ᠲᠤᠮᠳᠠᠳᠤ ᠤᠯᠤᠰ ᠤᠨ ᠮᠤᠩᠭᠤᠯ ᠬᠡᠯᠡᠡ ᠶᠢᠨ ᠰᠤᠨᠢᠠ ᠮᠠᠳᠡᠭᠡ ᠶᠢᠨ ᠰᠦᠯᠵᠢᠶ᠎ᠠ 》ᠡᠴᠡ ᠰᠢᠯᠵᠢᠬᠦᠯᠤᠨ ᠪᠠᠭᠤᠯᠭᠠᠪᠠ᠃

“欧亚古典学视野下的蒙古学文献研究论坛”在京举行

在第二届“一带一路”国际合作高峰论坛即将开幕之际,由中国人民大学国学院主办的“欧亚古典学视野下的蒙古学文献研究论坛”于近日在中国人民大学国学馆举行。
  中国人民大学国学院常务副院长、欧亚古典学系主任、长江学者特聘教授、国际蒙古学学会副主席乌云毕力格表示:“中国人民大学古典学学院欧亚古典学系主要研究‘一带一路’沿线国家的多语种文献、欧亚古代文明的多语种文献和欧亚各民族的传统文化。今天讨论的主题除了蒙古文文献外还有满文、汉文、藏文、波斯文、察合台语等多语种文献研究,加强蒙古学文献的研究将对‘一带一路’沿线国家的学术合作交流,传承欧亚古代文明精华和发挥其现代价值具有重要作用。”
  来源:内蒙古启言网摘自《民族画报》

Posted in ᠰᠤᠶᠤᠯ ᠤᠷᠠᠯᠢᠭ |文化信息 and tagged .