ᠰᠡᠳᠭᠢᠯ ᠦᠨ ᠥᠨᠳᠦᠷ ᠲᠦ心愿

ᠰᠡᠳᠭᠢᠯ ᠦᠨ ᠥᠨᠳᠦᠷ ᠲᠦ

    ᠰᠢᠷᠠᠢᠳ ᠳᠦᠬᠦᠷᠡᠨᠵᠢᠷᠭᠠᠯ
 ᠪᠦᠷᠭᠦᠳ ᠲᠦ ᠬᠠᠢᠷᠠᠲᠠᠢ
  ᠪᠦᠷᠭᠦᠳ ᠳᠤᠷᠠᠯᠠᠭᠠᠳ ᠬᠦᠷᠴᠦ ᠴᠢᠳᠠᠭ᠎ᠠ ᠦᠭᠡᠢ
  ᠥᠨᠳᠦᠷ ᠪᠠᠢᠬᠤ ᠰᠠᠨ
 ᠠᠳᠤᠭᠤᠨ ᠳᠤ ᠬᠠᠢᠷᠠᠲᠠᠢ
  ᠠᠳᠤᠭᠤ ᠲᠡᠮᠡᠴᠡᠭᠡᠳ ᠲᠤᠭᠤᠯᠵᠦ ᠳᠡᠢᠯᠦᠭᠡ ᠦᠭᠡᠢ
  ᠲᠠᠯ᠎ᠠ ᠪᠠᠢᠬᠤ ᠰᠠᠨ
 ᠬᠥᠮᠦᠨ ᠳᠦ ᠬᠠᠢᠷᠠᠲᠠᠢ
  ᠬᠥᠮᠦᠨ ᠬᠦᠰᠡᠭᠡᠳ ᠬᠦᠢᠴᠡᠬᠡᠵᠦ ᠠᠮᠵᠢᠭ᠎ᠠ ᠦᠭᠡᠢ
  ᠮᠥᠷᠦᠭᠡᠳᠦᠯ ᠪᠠᠢᠬᠤ ᠰᠠᠨ
 ᠰᠢᠯᠦᠭ ᠲᠦ ᠬᠠᠢᠷᠠᠲᠠᠢ
  ᠰᠢᠯᠦᠭ ᠪᠣᠯᠬᠤ ᠭᠡᠳ ᠪᠡᠶᠡᠯᠡᠵᠦ ᠵᠠᠪᠳᠤᠭ᠎ᠠ ᠦᠭᠡᠢ
  ᠰᠠᠨᠠᠭ᠎ᠠ ᠪᠠᠢᠬᠤ ᠰᠠᠨ

Posted in ᠤᠷᠠᠨ ᠪᠦᠳᠦᠬᠡᠯ |经典赏阅 and tagged .