ᠰᠢᠷᠠᠢᠳ ᠳᠦᠬᠦᠷᠡᠨᠵᠢᠷᠭᠠᠯ
ᠠᠪᠤ ᠮᠢᠨᠢ ᠪᠦᠳᠦᠷᠢᠬᠦ ᠪᠡᠷ ᠦᠭᠡᠢ ᠰᠠᠢᠬᠠᠨ ᠨᠤᠭᠳᠤᠯᠠᠵᠦ ᠵᠠᠰᠠᠭᠰᠠᠨ
ᠠᠭᠢ ᠡᠪᠡᠰᠦ ᠲᠡᠷᠢᠭᠦᠲᠡᠨ ᠢᠶᠡᠷ ᠤᠬᠢᠶᠠᠵᠦ ᠰᠠᠢᠬᠠᠨ ᠥᠩᠭᠡᠯᠡᠭᠰᠡᠨ
ᠠᠵᠠ ᠶᠢᠨ ᠳᠥᠷᠪᠡᠨ ᠰᠠᠭᠤᠳᠠᠯ ᠲᠠᠢ ᠠᠷᠯᠠᠨ ᠲᠠᠷᠯᠠᠨ ᠱᠠᠭᠠᠢ ᠪᠠᠨ
ᠠᠯᠠᠭᠠᠨ ᠳ᠋ᠠᠭᠠᠨ ᠰᠢᠪᠰᠢᠨ ᠪᠠᠢᠵᠦ ᠬᠣᠢᠮᠤᠷ ᠤᠨ ᠰᠢᠷᠢᠳᠡᠭ ᠲᠦ ᠣᠷᠬᠢᠯ᠎ᠠ
ᠢᠮᠠᠭ᠎ᠠ ᠰᠠᠭᠤᠨ᠎ᠠ᠂ ᠪᠢ ᠤᠷᠪᠠᠢᠨᠠ᠂ ᠡᠪᠦᠭᠡ ᠬᠠᠷᠢᠨ
ᠶᠠᠭᠠᠬᠢᠬᠤ ᠪᠤᠢ ᠳ᠋ᠠ᠂ ᠮᠢᠨᠤ ᠬᠦᠦ ᠶᠢᠨ ᠮᠣᠷᠢ ᠬᠤᠯᠠ ᠳ᠋ᠠᠭᠠᠨ ᠵᠢᠷᠤᠭ᠎ᠠ ᠭᠡᠨ᠎ᠡ
ᠳᠥᠷᠪᠡᠨ ᠨᠠᠰᠤᠲᠠᠢ ᠬᠠᠯᠢᠭᠤᠨ ᠴᠢᠨᠢ
ᠳᠥᠷᠪᠡᠨ ᠬᠤᠷᠤᠭᠤ ᠳᠠᠪᠬᠢᠯ᠎ᠠ ᠭᠡᠨ᠎ᠡ᠂ ᠱᠠᠭᠠᠢ ᠨᠡᠭᠦᠨ᠎ᠡ
ᠡᠪᠦᠭᠡ ᠬᠢᠩᠭᠤᠤ ᠠᠶᠠᠯᠤᠨ
ᠡᠪᠡᠢ ᠵᠢᠭᠠᠬᠠᠨ ᠱᠠᠭᠠᠢ ᠪᠠᠨ ᠪᠢ ᠰᠢᠪᠰᠢᠨ ᠪᠠᠢᠵᠦ ᠳᠠᠬᠢᠵᠦ ᠣᠷᠭᠢᠨ᠎ᠠ
ᠬᠣᠨᠢ ᠭᠠᠷᠤᠨ᠎ᠠ᠂ ᠪᠢ ᠳᠠᠬᠢᠵᠦ ᠣᠷᠬᠢᠬᠤ ᠭᠡᠨ᠎ᠡ᠂ ᠡᠪᠦᠭᠡ ᠲᠡᠬᠡᠳᠡᠯ᠎ᠡ
ᠬᠤᠵᠢᠮᠲᠠᠬᠤ ᠦᠭᠡᠢ᠂ ᠮᠣᠷᠢᠨ ᠤ ᠴᠢᠨᠢ ᠳᠠᠪᠬᠢᠭ᠎ᠠ ᠢᠪᠢᠯᠵᠦ ᠪᠠᠢᠨ᠎ᠠ ᠭᠡᠨ᠎ᠡ
ᠮᠤᠨᠳᠠᠭ᠎ᠠ ᠪᠣᠰᠤᠭ᠎ᠠ ᠬᠠᠯᠢᠭᠤᠨ ᠴᠢᠨᠢ
ᠮᠤᠬᠤᠷ ᠰᠥᠭᠦᠮ ᠶᠠᠪᠤᠯ᠎ᠠ ᠭᠡᠨ᠎ᠡ᠂ ᠱᠠᠭᠠᠢ ᠨᠡᠭᠦᠨ᠎ᠡ
ᠡᠪᠦᠭᠡ ᠬᠢᠩᠭᠤᠤ ᠠᠶᠠᠯᠤᠨ
ᠡᠪᠡᠢ ᠵᠢᠭᠠᠬᠠᠨ ᠱᠠᠭᠠᠢ ᠪᠠᠨ ᠪᠢ ᠰᠢᠪᠰᠢᠨ ᠪᠠᠢᠵᠦ ᠳᠠᠬᠢᠵᠦ ᠣᠷᠭᠢᠨ᠎ᠠ
ᠲᠡᠮᠡᠭᠡ ᠪᠣᠰᠤᠨ᠎ᠠ᠂ ᠪᠢ ᠪᠠᠶᠠᠷᠯᠠᠨ᠎ᠠ᠂ ᠡᠪᠦᠭᠡ ᠪᠦᠷ
ᠲᠡᠭᠡᠨ᠎ᠡ ᠡ ᠲᠡᠭᠡᠨ᠎ᠡ᠂ ᠬᠦᠦ ᠶᠢᠨ ᠮᠣᠷᠢ ᠤᠤᠭᠤᠵᠦ ᠳᠠᠪᠬᠢᠨ᠎ᠠ ᠭᠡᠨ᠎ᠡ
ᠥᠨᠳᠦᠷ ᠰᠠᠢᠬᠠᠨ ᠬᠠᠯᠢᠭᠤᠨ ᠴᠢᠨᠢ
ᠦᠵᠦᠭᠦᠷ ᠰᠥᠭᠦᠮ ᠬᠦᠶᠦᠯ᠎ᠡ ᠭᠡᠨ᠎ᠡ᠂ ᠱᠠᠭᠠᠢ ᠨᠡᠭᠦᠨ᠎ᠡ
ᠡᠪᠦᠭᠡ ᠬᠢᠩᠭᠤᠤ ᠠᠶᠠᠯᠤᠨ
ᠡᠪᠡᠢ ᠵᠢᠭᠠᠬᠠᠨ ᠱᠠᠭᠠᠢ ᠪᠠᠨ ᠪᠢ ᠰᠢᠪᠰᠢᠨ ᠪᠠᠢᠵᠦ ᠳᠠᠬᠢᠵᠦ ᠣᠷᠭᠢᠨ᠎ᠠ
ᠮᠣᠷᠢ ᠪᠠᠭᠤᠨ᠎ᠠ᠂ ᠪᠢ ᠬᠢᠩᠭᠤᠯᠠᠨᠠ᠂ ᠡᠪᠦᠭᠡ ᠪᠡᠯᠭᠡᠰᠢᠶᠡᠨ
ᠮᠣᠩᠭᠤᠯ ᠬᠥᠮᠦᠨ ᠦ ᠬᠡᠢᠮᠣᠷᠢ ᠪᠠᠢᠨ᠎ᠠ᠂ ᠲᠤᠳᠦ ᠮᠠᠩᠯᠠᠢ ᠲᠣᠳᠤᠷᠠᠯᠠ ᠭᠡᠨ᠎ᠡ
ᠲᠡᠭᠷᠢ ᠶᠢᠨ ᠤᠨᠠᠭ᠎ᠠ ᠬᠠᠯᠢᠭᠤᠨ ᠴᠢᠨᠢ
ᠳᠥᠭᠦᠮ ᠰᠤᠭᠤᠷᠠᠯᠠ ᠭᠡᠨ᠎ᠡ᠂ ᠱᠠᠭᠠᠢ ᠨᠡᠭᠦᠨ᠎ᠡ