《 ᠠᠯᠲᠠᠨ ᠬᠦᠷᠰᠢ》 ᠬᠡᠦᠬᠡᠳ ᠤᠨ ᠵᠦᠴᠦᠭᠡ ᠶᠢ 1 ᠰᠠᠷ᠎ᠠ ᠶᠢᠨ 5 ᠤ ᠡᠲᠦᠷ···蒙古语儿童舞台剧《金邻》即将在呼和浩特开演

《 ᠠᠯᠲᠠᠨ ᠬᠦᠷᠰᠢ》 ᠬᠡᠦᠬᠡᠳ ᠤᠨ ᠵᠦᠴᠦᠭᠡ ᠶᠢ 1 ᠰᠠᠷ᠎ᠠ ᠶᠢᠨ 5 ᠤ ᠡᠲᠦᠷ ᠬᠦᠬᠡᠬᠤᠲᠠ ᠳ᠋ᠤ ᠲᠤᠭᠯᠠᠬᠤ ᠪᠡᠷ ᠪᠤᠢ

ᠪᠠᠭᠠᠴᠤᠳ ᠬᠡᠦᠬᠡᠳ ᠲᠤ ᠡᠪ ᠨᠢᠭᠡᠲᠦᠯ ᠤᠨ ᠡᠷᠬᠢᠮ ᠢ ᠬᠦᠬᠡᠷᠦᠬᠦᠨ ᠴᠤᠪᠤᠭᠤ᠂ ᠱᠤᠭ ᠢᠨᠢᠶᠡᠲᠦᠮ᠂ ᠲᠠᠭᠤᠤ ᠪᠦᠵᠢᠭ᠌ ᠤᠨ ᠬᠡᠯᠪᠡᠷᠢ ᠪᠡᠷ ᠲᠠᠨᠢᠯᠴᠠᠭᠤᠯᠬᠤ ᠶᠢ ᠵᠤᠷᠢᠭᠰᠠᠨ 《ᠠᠯᠲᠠᠨ ᠬᠦᠷᠰᠢ 》ᠬᠡᠮᠡᠬᠦ ᠬᠡᠦᠬᠡᠳ ᠤᠨ ᠵᠦᠴᠦᠭᠡ ᠶᠢ 1 ᠰᠠᠷ᠎ᠠ ᠶᠢᠨ 5 ᠤ ᠡᠲᠦᠷ ᠬᠦᠬᠡᠬᠤᠲᠠ ᠳ᠋ᠤ ᠲᠤᠭᠯᠠᠬᠤ ᠪᠡᠷ ᠪᠤᠢ᠃

ᠤᠢᠯᠠᠭᠠᠭᠰᠠᠨ ᠶᠢᠡᠷ ᠤᠭ ᠬᠡᠦᠬᠡᠳ ᠤᠨ ᠵᠦᠴᠦᠭᠡ ᠶᠢ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠤᠷᠲᠤᠰ ᠬᠤᠲᠠ ᠶᠢᠨ 《 ᠵᠡᠪᠡ 》ᠰᠤᠶᠤᠯ ᠤᠨ ᠬᠢᠵᠠᠭᠠᠷᠲᠤ ᠺᠤᠮᠫᠠᠨᠢ ᠡᠴᠡ ᠬᠦᠷᠦᠩᠭᠡ ᠤᠷᠤᠭᠤᠯᠵᠤ ᠪᠠᠢᠭᠤᠯᠤᠭᠰᠠᠨ 《ᠠᠨᠦ》 ᠬᠡᠦᠬᠡᠳ ᠤᠨ ᠵᠦᠴᠦᠭᠡ ᠶᠢᠨ ᠪᠠᠭ ᠪᠤᠯᠤᠨ ᠲᠤᠮᠲᠠᠲᠤ᠂ ᠮᠤᠩᠭᠤᠯ᠂ ᠤᠷᠤᠰ ᠭᠤᠷᠪᠠᠨ ᠤᠯᠤᠰ ᠤᠨ ᠰᠤᠲᠤᠯᠤᠭᠠᠴᠢ᠂ ᠮᠡᠷᠭᠡᠵᠢᠯᠲᠡᠨ ᠲᠠᠢ ᠬᠠᠮᠲᠤᠷᠠᠨ ᠠᠵᠢᠯᠯᠠᠵᠤ ᠵᠤᠬᠢᠶᠠᠨ ᠪᠦᠲᠦᠭᠡᠭᠰᠡᠨ ᠪᠠᠢᠭ᠎ᠠ ᠶᠤᠮ᠃ ᠵᠦᠴᠦᠭᠡ ᠶᠢᠨ ᠵᠤᠬᠢᠶᠠᠯ ᠨᠢ ᠮᠤᠩᠭᠤᠯ ᠤᠯᠤᠰ ᠤᠨ ᠰᠤᠶᠤᠯ ᠤᠨ ᠭᠠᠪᠢᠶᠠᠲᠤ ᠵᠢᠳᠬᠦᠯᠲᠡᠨ᠂ ᠲᠦᠷᠦ ᠶᠢᠨ ᠱᠠᠩᠨᠠᠯᠲᠤ ᠬᠡᠦᠬᠡᠳ ᠤᠨ ᠤᠷᠠᠨ ᠵᠤᠬᠢᠶᠠᠯᠴᠢ ᠵᠠᠮᠪᠠ ᠶᠢᠨ ᠲᠠᠰᠢᠲᠤᠨᠲᠤᠭ ᠤᠨ ᠪᠦᠲᠦᠭᠡᠯ ᠪᠠᠢᠵᠤ᠂ ᠰᠠᠢᠨ ᠰᠠᠢᠬᠠᠨ ᠭᠡᠷᠡᠯ ᠭᠡᠭᠡ ᠶᠢ ᠬᠡᠷᠡᠮᠦ ᠡᠵᠢ ᠭᠤᠷᠪᠠᠨ ᠬᠡᠦᠬᠡᠳ ᠶᠢᠡᠷ ᠲᠦᠯᠦᠭᠡᠯᠡᠭᠦᠯᠵᠦ᠂ ᠮᠠᠭᠤ ᠮᠠᠭᠤᠬᠠᠢ ᠪᠠᠷᠠᠭᠠᠨ ᠬᠠᠷᠠᠩᠭᠤᠢ ᠶᠢ ᠪᠤᠯᠠᠭ᠎ᠠ ᠡᠷ᠎ᠡ ᠡᠮ᠎ᠡ ᠬᠤᠶᠠᠭᠤᠯᠠ ᠪᠠᠷ ᠲᠦᠯᠦᠭᠡᠯᠡᠭᠦᠯᠦᠭᠰᠡᠨ ᠪᠠᠢᠲᠠᠭ᠃ ᠡᠨᠡ ᠬᠦ ᠵᠦᠴᠦᠭᠡ ᠶᠢ ᠬᠠᠪᠤᠷ᠂ ᠵᠤᠨ᠂ ᠨᠠᠮᠤᠷ᠂ ᠡᠪᠦᠯ ᠭᠡᠬᠦ ᠲᠦᠷᠪᠡᠨ ᠲᠠᠯᠠᠪᠤᠷ ᠬᠤᠪᠢᠶᠠᠨ᠂ ᠲᠤᠰᠪᠤᠷᠢ ᠳ᠋ᠤᠨᠢ ᠵᠦᠷᠢᠴᠡᠯ ᠮᠦᠷᠭᠦᠯᠲᠦᠭᠡᠨ ᠲᠠᠢ᠃ ᠡᠴᠦᠰ ᠲᠤ ᠡᠲᠡᠭᠡᠷ ᠵᠦᠷᠢᠴᠡᠯ ᠮᠦᠷᠭᠦᠯᠲᠦᠭᠡᠨ ᠨᠢ ᠬᠡᠷᠡᠮᠦ ᠡᠵᠢ ᠶᠢᠨ ᠰᠠᠢᠨ ᠰᠠᠨᠠᠭᠠᠨ ᠳ᠋ᠤ ᠤᠶᠠᠷᠠᠨ ᠬᠠᠢᠯᠵᠤ᠂ ᠡᠷ᠎ᠡ ᠪᠤᠯᠠᠭ᠎ᠠ ᠴᠤ ᠭᠡᠮᠰᠢᠨ ᠤᠬᠠᠭᠠᠷᠠᠵᠤ᠂ ᠠᠢᠯ ᠰᠠᠭᠠᠬᠠᠯᠲᠠ ᠪᠡᠷ ᠶᠢᠡᠨ ᠠᠯᠲᠠᠨ ᠬᠦᠷᠰᠢ ᠪᠤᠯᠤᠯᠴᠠᠨ ᠡᠶ᠎ᠡ ᠨᠠᠢᠷᠲᠠᠢ᠂ ᠡᠪ ᠨᠢᠭᠡᠲᠦᠯ ᠲᠠᠢ ᠠᠵᠤ ᠲᠦᠷᠦᠨ ᠠᠮᠢᠲᠤᠷᠠᠬᠤ ᠪᠤᠯᠤᠭᠰᠠᠨ ᠢ ᠬᠠᠷᠠᠭᠤᠯᠤᠭᠰᠠᠨ ᠪᠠᠢᠲᠠᠭ᠃

蒙古语儿童舞台剧《金邻》即将在呼和浩特开演

蒙古语儿童舞台剧《金邻》即将在呼和浩特开演,《金邻》原创蒙古语儿童话剧是由内蒙古鄂尔多斯市《哲别》文化传媒公司投资,中、蒙、俄三国学者、技术人员联合创办,针对适合3—12岁蒙古族儿童话剧,让孩子们在生活中互帮互助,和亲和睦,给孩子们起到了教育作用,以诙谐幽默、载歌载舞的形式表演这部优秀原创蒙古语儿童话剧。《金邻》儿童文学作品的作者是蒙古国文化功勋奖获得者扎木巴达西敦都格,他还荣获过国家级儿童文学作者奖,话剧《金邻》获得了联合国儿童文学作品奖。本剧导演:如木堆额尔德尼朝格图蒙古国国家文化杰出工作者、音乐编曲联盟会员,他毕业于蒙古国师范大学电影系以来导演并制作了很多优秀的作品供观众们欣赏。

Posted in ᠰᠤᠷᠭᠠᠨ ᠬᠦᠮᠦᠵᠢᠯ |教育信息 and tagged .