ᠬᠦᠬᠡᠬᠤᠳᠠ 96 ᠴᠢᠳᠠᠪᠤᠷᠢᠳᠠᠨ ᠡᠯᠰᠡᠨ᠎ᠡ呼和浩特将引进96名人才

 

ᠬᠦᠬᠡᠬᠤᠳᠠ ᠶᠢᠨ ᠠᠵᠢᠯ ᠦᠢᠯᠡᠰ ᠤᠨ ᠨᠢᠬᠡᠴᠡ 96 ᠴᠢᠳᠠᠪᠤᠷᠢᠳᠠᠨ ᠡᠯᠰᠡᠬᠦ ᠪᠡᠷ ᠪᠤᠢ

ᠴᠢᠳᠠᠪᠤᠷᠢᠳᠠᠨ ᠢ ᠬᠦᠨᠳᠦᠳᠭᠡᠬᠦ ᠬᠦᠭ᠍ᠵᠢᠬᠦᠯᠦᠯᠳᠡ ᠶᠢᠨ ᠪᠠᠶᠢᠯᠳᠤᠬᠤ ᠪᠤᠳᠤᠯᠭ᠎ᠠ ᠶᠢ ᠬᠦᠨᠵᠡᠬᠡᠢ ᠬᠡᠷᠡᠭᠵᠢᠬᠦᠯᠵᠤ᠂ ᠤᠯᠤᠰ ᠤᠨ ᠤᠮᠠᠷᠠᠳᠤ ᠬᠢᠯᠢ ᠶᠢ ᠴᠢᠳᠠᠪᠤᠷᠢᠳᠠᠨ ᠤ ᠤᠷᠤᠨ ᠪᠤᠯᠭᠠᠬᠤ ᠶᠢ ᠲᠦᠷᠭᠡᠳᠬᠡᠬᠦ ᠶᠢᠨ ᠲᠦᠯᠦᠬᠡ᠂ ᠠᠵᠢᠯ ᠦᠢᠯᠡᠰ ᠤᠨ ᠨᠢᠬᠡᠴᠡ ᠶᠢᠨ ᠴᠢᠳᠠᠪᠤᠷᠢᠳᠠᠨ ᠡᠯᠰᠡᠬᠦ ᠱᠠᠭᠠᠷᠳᠠᠯᠭ᠎ᠠ ᠶᠢ ᠦᠨᠳᠤᠰᠦᠯᠡᠨ ᠬᠦᠬᠡᠬᠤᠳᠠ ᠨᠢᠬᠡ ᠪᠦᠯᠦᠭ᠌᠌ ᠴᠢᠳᠠᠪᠤᠷᠢᠳᠠᠨ ᠡᠯᠰᠡᠬᠦ ᠪᠤᠯᠤᠨ᠎ᠠ᠃
  ᠤᠶᠢᠯᠠᠭᠠᠭᠰᠠᠨ ᠢᠶᠡᠷ᠂ ᠴᠢᠳᠠᠪᠤᠷᠢᠳᠠᠨ ᠡᠯᠰᠡᠬᠦ ᠲᠦᠯᠦᠪᠯᠡᠬᠡ ᠶᠢ ᠦᠨᠳᠤᠰᠦᠯᠡᠪᠡᠯ ᠬᠦᠬᠡᠬᠤᠳᠠ ᠶᠢᠨ 24 ᠠᠵᠢᠯ ᠦᠢᠯᠡᠰ ᠤᠨ ᠨᠢᠬᠡᠴᠡ 63 ᠠᠵᠢᠯ ᠤᠨ ᠪᠠᠶᠢᠷᠢ ᠬᠠᠩᠭ᠋ᠠᠵᠤ 96 ᠴᠢᠳᠠᠪᠤᠷᠢᠳᠠᠨ ᠡᠯᠰᠡᠬᠦ ᠪᠤᠯᠤᠨ᠎ᠠ᠃ ᠡᠯᠰᠡᠬᠦ ᠨᠦᠬᠦᠴᠡᠯ ᠳᠤ᠂ ᠪᠡᠶ᠎ᠡ ᠰᠡᠳᠬᠢᠴᠡ ᠦᠵᠡᠯ ᠰᠠᠨᠠᠭ᠎ᠠ ᠤᠯᠤᠰ ᠲᠦᠷᠦ ᠶᠢᠨ ᠱᠠᠭᠠᠷᠳᠠᠯᠭ᠎ᠠ ᠡᠴᠡ ᠭᠠᠳᠠᠨ᠎ᠠ᠂ ᠪᠦᠬᠦᠯᠢ ᠡᠳᠤᠷ ᠤᠨ ᠬᠢᠴᠢᠶᠡᠯᠯᠬᠡ ᠪᠡᠷ ᠲᠡᠬᠦᠰᠦᠭᠰᠡᠨ ᠳ᠋ᠤᠺᠲ᠋ᠤᠷ᠂ ᠬᠢᠯᠢ ᠶᠢᠨ ᠭᠠᠳᠠᠨᠠᠬᠢ ᠨᠡᠷᠡᠳᠤ ᠰᠤᠷᠭᠠᠭᠤᠯᠢ ᠡᠴᠡ ᠲᠡᠬᠦᠰᠦᠭᠰᠡᠨ ( ᠲᠡᠯᠡᠬᠡᠢ ᠶᠢᠨ ᠡᠮᠦᠨ᠎ᠡ 1000 ᠨᠡᠷᠡᠰ ᠤᠨ ᠲᠤᠳᠤᠷᠠᠬᠢ) ᠪᠤᠶᠤ ᠤᠯᠤᠰ ᠤᠨ ᠲᠤᠳᠤᠭᠠᠳᠤ ᠶᠢᠨ 《 ᠬᠤᠤᠰ ᠲᠡᠷᠢᠬᠦᠨ》 ᠤ ᠪᠠᠶᠢᠭᠤᠯᠤᠯᠳᠠ ᠶᠢᠨ ᠶᠡᠬᠡ ᠲᠡᠭᠡᠳᠤ ᠰᠤᠷᠭᠠᠭᠤᠯᠢ ᠶᠢᠨ ᠪᠦᠬᠦᠯᠢ ᠡᠳᠤᠷ ᠤᠨ ᠬᠢᠴᠢᠶᠡᠯᠡᠯᠬᠡ ᠪᠡᠷ ᠲᠡᠬᠦᠰᠦᠭᠰᠡᠨ ᠮᠠᠺᠢᠰᠲ᠋ᠷ ᠪᠠᠶᠢᠬᠤ ᠬᠡᠷᠡᠭᠲᠡᠢ᠂ ᠡᠬᠦᠨ ᠳᠤ ᠨᠠᠰᠤᠨ ᠤ ᠬᠢᠵᠠᠭᠠᠷᠯᠠᠯ ᠨᠢ ᠮᠠᠺᠢᠰᠲ᠋ᠷ  35 ᠨᠠᠰᠤᠨ ᠡᠴᠡ ᠲᠤᠷᠤᠭᠰᠢ ( 1983 ᠤᠨ ᠤ 12 ᠰᠠᠷ᠎ᠠ ᠶᠢᠨ 15 ᠤ ᠡᠳᠤᠷ ᠡᠴᠡ ᠬᠤᠶᠢᠰᠢ ᠲᠦᠷᠦᠭᠰᠡᠨ)᠂ ᠳ᠋ᠤᠺᠲ᠋ᠤᠷ  40 ᠨᠠᠰᠤᠨ ᠡᠴᠡ ᠲᠤᠷᠤᠭᠰᠢ ( 1978 ᠤᠨ ᠤ 12 ᠰᠠᠷ᠎ᠠ ᠶᠢᠨ 15 ᠤ ᠡᠳᠤᠷ ᠡᠴᠡ ᠬᠤᠶᠢᠰᠢ ᠲᠦᠷᠦᠭᠰᠡᠨ) ᠪᠠᠶᠢᠬᠤ ᠬᠡᠷᠡᠭᠲᠡᠢ᠃
  ᠲᠤᠰ ᠤᠳᠠᠭᠠᠨ ᠤ ᠴᠢᠳᠠᠪᠤᠷᠢᠳᠠᠨ ᠤᠷᠢᠵᠤ ᠡᠯᠰᠡᠬᠦ ᠠᠵᠢᠯ ᠳ᠋ᠦ ᠬᠤᠶᠠᠷ ᠤᠳᠠᠭᠠᠨ ᠤ ᠡᠯᠰᠡᠯᠳᠡ ᠶᠢᠨ ᠬᠤᠷᠠᠯ ᠵᠤᠬᠢᠶᠠᠨ ᠪᠠᠶᠢᠭᠤᠯᠤᠨ᠎ᠠ᠂ ᠲᠤᠳᠤᠷᠬᠠᠢ ᠴᠠᠭ ᠤᠨ ᠬᠤᠪᠢᠶᠠᠷᠢ ᠨᠢ᠄ 12 ᠰᠠᠷ᠎ᠠ ᠶᠢᠨ 19 ᠤ ᠡᠳᠤᠷ ᠤᠨ 9 – 12 ᠴᠠᠭ ᠤᠨ ᠬᠤᠭᠤᠷᠤᠨᠳᠤ᠂ ᠲᠤᠮᠳᠠᠳᠤ ᠤᠯᠤᠰ ᠤᠨ ᠰᠢᠨᠵᠢᠯᠡᠬᠦ ᠤᠬᠠᠭᠠᠨ ᠤ ᠠᠺᠠᠳᠧᠮᠢ ᠶᠢᠨ ᠬᠦᠷᠢᠶᠡᠯᠡᠩ ᠤᠨ ᠶᠡᠬᠡ ᠰᠤᠷᠭᠠᠭᠤᠯᠢ ᠶᠢᠨ ᠵᠦᠩ ᠭᠤᠸᠠᠨ ᠼᠦ᠋ᠨ ᠰᠤᠷᠭᠠᠭᠤᠯᠢ ᠶᠢᠨ ᠲᠤᠭᠤᠷᠢᠭ ᠤᠨ ᠵᠢᠭᠠᠨ ᠰᠤᠷᠭᠠᠯᠳᠠ ᠶᠢᠨ ᠠᠰᠠᠷ ᠤᠨ S101 ᠲᠢᠩᠬᠢᠮ ᠳᠤ ᠨᠢᠬᠡᠳᠤᠬᠡᠷ ᠤᠳᠠᠭᠠᠨ ᠤ ᠡᠯᠰᠡᠯᠳᠡ ᠪᠡᠨ ᠬᠢᠨ᠎ᠡ᠃ ᠬᠤᠶᠠᠳᠤᠭᠠᠷ ᠤᠳᠠᠭ᠎ᠠ ᠨᠢ 12 ᠰᠠᠷ᠎ᠠ ᠶᠢᠨ 21 ᠤ ᠡᠳᠤᠷ ᠤᠨ 9-12 ᠴᠠᠭ ᠤᠨ ᠬᠤᠭᠤᠷᠤᠨᠳᠤ ᠲᠤᠮᠳᠠᠳᠤ ᠤᠯᠤᠰ ᠤᠨ ᠠᠷᠠᠳ ᠤᠨ ᠶᠡᠬᠡ ᠰᠤᠷᠭᠠᠭᠤᠯᠢ ᠳᠤ ᠵᠤᠬᠢᠶᠠᠨ ᠪᠠᠶᠢᠭᠤᠯᠤᠭᠳᠠᠨ᠎ᠠ᠃ ᠠᠵᠢᠯ ᠤᠨ ᠪᠠᠶᠢᠷᠢ ᠬᠠᠶᠢᠬᠤ ᠴᠢᠬᠤᠯᠠ ᠲᠠᠢ ᠴᠢᠳᠠᠪᠤᠷᠢᠳᠠᠨ ᠲᠤᠭᠳᠠᠭᠰᠠᠨ ᠴᠠᠭ ᠲᠤ ᠨᠢ ᠤᠷᠤᠯᠴᠠᠬᠤ ᠬᠡᠷᠡᠭᠲᠡᠢ᠃
  ᠢᠷᠡᠯᠳᠡ᠄ᠦᠪᠦᠷ ᠮᠣᠩᠭᠣᠯ ᠤᠨ ᠭᠢᠶᠠᠨ ᠰᠦᠯᠵᠢᠶ᠎ᠡ《ᠬᠦᠬᠡᠬᠤᠳᠠ ᠶᠢᠨ ᠤᠷᠤᠢ ᠶᠢᠨ ᠰᠤᠨᠢᠨ》ᠡᠴᠡ ᠰᠢᠯᠵᠢᠬᠦᠯᠤᠨ ᠪᠠᠭᠤᠯᠭᠠᠪᠠ᠃

 

呼和浩特市事业单位将引进96名急需紧缺人才

为深入实施人才优先发展战略,加快建成祖国北疆人才高地,根据事业单位用人需求,首府将计划引进一批急需紧缺人才到呼和浩特市工作。
  据了解,按照引进计划,呼和浩特市24家事业单位提供岗位63个,拟引进人才96人,具体岗位需求信息可登录呼和浩特市人力资源和社会保障网(rsj.huhhot.gov.cn),下载《呼和浩特市参加“广纳英才·智汇草原”专项引才活动事业单位人才需求信息表》进行查询。在资格条件方面,引进人才除具有符合岗位要求的身体素质、思想道德素质外,还应具备以下条件:全日制博士研究生;境外著名大学(世界前1000名)或国内“双一流”建设高校全日制硕士研究生;以上人员中,硕士人员年龄须在35周岁以下(1983年12月15日以后出生),博士人员须在40周岁以下(1978年12月15日以后出生)。
  此次人才引进工作将设两场专场招聘会,具体为2月19日9~12时,在中国科学院大学中关村校区教学楼S101教学楼大厅召开专场招聘会;12月21日9~12时,在中国人民大学世纪馆北大厅召开专场招聘会。有求职意向且符合条件的人员,请准时前往上述两所高校参加专场招聘会。
     来源:内蒙古启言网摘自《内蒙古新闻网》

Posted in ᠡᠷᠢᠵᠦ ᠰᠤᠷᠠᠭᠯᠠᠬᠤ | 招聘信息 and tagged .