ᠮᠤᠩᠭᠤᠯ ᠬᠡᠯᠡᠨ ᠤ ᠮᠠᠲ᠋ᠸᠷᠢᠶᠠᠯ ᠤᠨ ᠬᠦᠮᠤᠷᠬᠡ ᠶᠢᠨ ᠪᠦᠳ᠋ᠤᠬᠡᠨ···蒙古语语料库一期···

 

ᠮᠤᠩᠭᠤᠯ ᠬᠡᠯᠡᠨ ᠤ ᠮᠠᠲ᠋ᠸᠷᠢᠶᠠᠯ ᠤᠨ ᠬᠦᠮᠤᠷᠬᠡ ᠶᠢᠨ ᠪᠦᠳ᠋ᠤᠬᠡᠨ ᠪᠠᠢᠭᠤᠯᠤᠯᠳ᠋ᠠ ᠶᠢᠨ ᠨᠢᠭᠡᠳ᠋ᠦᠭᠡᠷ ᠬᠤᠭᠤᠴᠠᠭᠠᠨ ᠤ ᠢᠨᠵᠸᠨ᠋ᠸᠷᠢᠩ ᠤᠨ ᠲᠠᠩᠰᠠ ᠡᠪᠭᠡᠮᠡᠯ ᠢ ᠲᠤᠰᠢᠶᠠᠬᠤ ᠪᠠ ᠬᠦᠯᠢᠶᠠᠨ ᠠᠪᠬᠤ ᠠᠵᠢᠯ ᠲᠠᠭᠤᠰᠴᠠᠢ

ᠤᠢᠢᠷ᠎ᠡ ᠶᠢᠨ ᠡᠳᠦᠷ᠂ ᠦᠪᠡᠷᠳ᠋ᠡᠬᠡᠨ ᠵᠠᠰᠠᠬᠤ ᠤᠷᠤᠨ ᠤ ᠨᠡᠢᠢᠬᠡᠮ ᠤᠨ ᠰᠢᠨᠵᠢᠯᠡᠬᠦ ᠤᠬᠠᠭᠠᠨ ᠤ ᠬᠦᠷᠢᠶᠠᠯᠠᠩ ᠤᠨ ᠬᠢᠨ ᠦᠪᠡᠷᠳ᠋ᠡᠬᠡᠨ ᠵᠠᠰᠠᠬᠤ ᠤᠷᠤᠨ ᠤ ᠲᠠᠩᠰᠠ ᠡᠪᠬᠡᠮᠡᠯ ᠤᠨ ᠤᠷᠳ᠋ᠤᠨ ᠳ᠋ᠤ《ᠮᠤᠩᠭᠤᠯ ᠬᠡᠯᠡᠨ ᠤ ᠮᠠᠲ᠋ᠸᠷᠢᠶᠠᠯ ᠤᠨ ᠬᠦᠮᠤᠷᠬᠡ ᠶᠢᠨ ᠪᠦᠳ᠋ᠤᠬᠡᠨ ᠪᠠᠢᠭᠤᠯᠤᠯᠳ᠋ᠠ ᠶᠢᠨ ᠢᠨᠵᠸᠨ᠋ᠸᠷᠢᠩ》 ᠤᠨ ᠨᠢᠭᠡᠳ᠋ᠦᠭᠡᠷ ᠬᠤᠭᠤᠴᠠᠭᠠᠨ ᠤ ᠢᠨᠵᠸᠨ᠋ᠸᠷᠢᠩ ᠤᠨ ᠲᠠᠩᠰᠠ ᠡᠪᠭᠡᠮᠡᠯ ᠢ ᠲᠤᠰᠢᠶᠠᠨ ᠦᠭᠪᠠ᠃
  《ᠮᠤᠩᠭᠤᠯ ᠬᠡᠯᠡᠨ ᠤ ᠮᠠᠲ᠋ᠸᠷᠢᠶᠠᠯ ᠤᠨ ᠬᠦᠮᠤᠷᠬᠡ ᠶᠢᠨ ᠪᠦᠳ᠋ᠤᠬᠡᠨ ᠪᠠᠢᠭᠤᠯᠤᠯᠳ᠋ᠠ ᠶᠢᠨ ᠢᠨᠵᠸᠨ᠋ᠸᠷᠢᠩ 》ᠪᠤᠯ ᠦᠪᠡᠷᠳ᠋ᠡᠬᠡᠨ ᠵᠠᠰᠠᠬᠤ ᠤᠷᠤᠨ ᠤ ᠵᠠᠰᠠᠬ᠎ ᠤᠨ ᠤᠷᠳ᠋ᠤᠨ ᠵᠦ᠋ᠪᠰᠢᠶᠡᠷᠡᠵᠤ᠂ ᠦᠪᠡᠷᠳ᠋ᠡᠬᠡᠨ ᠵᠠᠰᠠᠬᠤ ᠤᠷᠤᠨ ᠤ ᠨᠡᠢᠢᠬᠡᠮ ᠤᠨ ᠰᠢᠨᠵᠢᠯᠡᠬᠦ ᠤᠬᠠᠭᠠᠨ ᠤ ᠬᠦᠷᠢᠶᠠᠯᠠᠩ ᠤᠨ ᠬᠢᠨ ᠵᠤᠬᠢᠶᠠᠨ ᠪᠠᠢᠭᠤᠯᠵᠤ ᠭᠡᠷᠡᠭᠵᠢᠬᠦᠯᠦᠭ᠍ᠰᠡᠨ ᠴᠦ᠋ᠬᠡᠨ ᠲᠤᠭᠠᠳ᠋ᠤ ᠦᠨᠳ᠋ᠤᠰᠤᠳ᠋ᠠᠨ ᠤ ᠦᠬᠡ ᠬᠡᠯᠡ ᠶᠢ ᠠᠪᠤᠷᠠᠬᠤ ᠴᠢᠨ᠋ᠠᠷᠳ᠋ᠠᠢ ᠢᠨᠵᠸᠨ᠋ᠸᠷᠢᠩ ᠤᠨ ᠲᠦ᠋ᠷᠤᠯ ᠵᠤᠢᠢᠯ ᠪᠤᠯᠤᠨ᠎᠎ᠠ᠂ ᠮᠦ᠋ᠨ ᠴᠤ ᠮᠠᠨ ᠤ ᠤᠯᠤᠰ ᠤᠨ ᠠᠩᠬᠠᠳ᠋ᠠᠬᠴᠢ ᠮᠤᠩᠭᠤᠯ ᠬᠡᠯᠡ᠂ ᠲᠠᠭᠤᠷ ᠬᠡᠯᠡ᠂ ᠡᠸᠡᠩᠬᠢ ᠬᠡᠯᠡ᠂ ᠤᠷᠴᠤᠨ ᠬᠡᠯᠡᠨ ᠤ ᠲᠤᠮᠤ ᠬᠡᠯᠪᠡᠷᠢ ᠶᠢᠨ ᠶᠠᠷᠤᠩᠬᠡᠢᠢᠯᠡᠭ᠍ᠰᠡᠨ ᠴᠢᠨ᠋ᠠᠷᠳ᠋ᠠᠢ ᠬᠡᠯᠡᠨ ᠤ ᠮᠠᠲ᠋ᠸᠷᠢᠶᠠᠯ ᠤᠨ ᠬᠦᠮᠤᠷᠬᠡ ᠪᠤᠯᠤᠨ᠎᠎ᠠ᠃ ᠲᠤᠰ ᠲᠦ᠋ᠷᠦᠯ ᠵᠦ᠋ᠢᠯ ᠤᠨ ᠢᠨᠵᠸᠨ᠋ᠸᠷᠢᠩ 2005 ᠤᠨ ᠳ᠋ᠤ ᠡᠬᠢᠯᠡᠵᠤ᠂ ᠨᠢᠭᠡᠳ᠋ᠦᠭᠡᠷ ᠬᠤᠭᠤᠴᠠᠭᠠᠨ ᠤ ᠢᠨᠵᠸᠨ᠋ᠸᠷᠢᠩ ᠤᠨ ᠬᠡᠯᠡᠨ ᠤ ᠮᠠᠲ᠋ᠸᠷᠢᠶᠠᠯ ᠤᠨ ᠬᠦᠮᠦᠷᠭᠡ ᠶᠢ 2014 ᠤᠨ ᠳ᠋ᠤ ᠪᠠᠶᠠᠯᠡᠬᠦᠯᠦᠭ᠍ᠰᠡᠨ ᠪᠦᠭᠡᠳ ᠰᠢᠯᠭᠠᠨ ᠬᠤᠷᠢᠶᠠᠬᠤ ᠳ᠋ᠤ ᠬᠢᠷᠢ ᠲᠡᠨᠭᠴᠡᠵᠤ᠂ ᠤᠳ᠋ᠤᠬᠠᠨ ᠳ᠋ᠤ ᠬᠤᠶᠠᠳ᠋ᠤᠭᠠᠷ ᠬᠤᠭᠤᠴᠠᠭᠠᠨ ᠤ ᠢᠨᠵᠸᠨ᠋ᠸᠷᠢᠩ ᠢ ᠶᠠᠭ ᠱᠠᠯᠠᠪᠳ᠋ᠠᠨ ᠬᠡᠷᠡᠭᠵᠢᠬᠦᠯᠵᠤ ᠪᠠᠢᠨ᠎᠎ᠡ᠃ 10 ᠭᠠᠷᠤᠢ ᠵᠢᠯ ᠤᠨ ᠲᠤᠷᠰᠢ᠂ ᠲᠦ᠋ᠷᠦᠯ ᠵᠦ᠋ᠯ ᠤᠨ ᠢᠨᠵᠸᠨ᠋ᠸᠷᠢᠩ ᠤᠨ ᠠᠵᠢᠯᠳ᠋ᠠᠨ ᠮᠠᠨ ᠤ ᠤᠯᠤᠰ ᠤᠨ 8 ᠮᠤᠵᠢ ᠤᠷᠤᠨ᠂ ᠮᠤᠨᠭ᠍ᠭᠤᠯ ᠤᠯᠤᠰ ᠤᠨ 5 ᠮᠤᠵᠢ 1 ᠬᠤᠳ᠋ᠠ ᠵᠢᠴᠢ ᠤᠷᠤᠰ ᠤᠨ ᠪᠤᠷᠢᠶᠠᠳ ᠪᠠ ᠬᠠᠯᠢᠮᠠᠭ ᠪᠦᠬᠦᠳ᠋ᠠ ᠨᠠᠢᠢᠷᠠᠮᠳ᠋ᠠᠬᠤ ᠤᠯᠤᠰ ᠵᠡᠷᠭᠡ ᠭᠠᠵᠠᠷ ᠲᠤ ᠬᠦᠨᠵᠡᠭᠡᠢᠢᠷᠠᠵᠤ᠂ ᠭᠡᠳ᠋ᠤᠨ ᠲᠦ᠋ᠮᠡᠨ ᠺᠢᠯᠥᠮᠸᠲ᠋ᠷ ᠠᠶᠠᠯᠠᠵᠤ᠂ 6725 ᠬᠦᠮᠦᠨ ᠢ ᠰᠤᠷᠪᠤᠯᠵᠢᠯᠠᠪᠠ᠃ ᠲᠤᠰ ᠤᠳ᠋ᠠᠭ᠎᠎ᠡ ᠶᠢᠨ ᠦᠪᠡᠷᠳ᠋ᠡᠭᠡᠨ ᠵᠠᠰᠠᠬᠤ ᠤᠷᠤᠨ ᠤ ᠲᠠᠨᠭ᠍ᠰᠠ ᠡᠪᠭᠡᠮᠡᠯ ᠤᠨ ᠭᠠᠵᠠᠷ ᠲᠤ ᠰᠢᠯᠵᠢᠬᠦᠯᠦᠨ ᠲᠤᠰᠢᠶᠠᠬᠰᠡᠨ ᠨᠢᠭᠡᠳ᠋ᠦᠭᠡᠷ ᠬᠤᠭᠤᠴᠠᠭᠠᠨ ᠤ ᠢᠨᠵᠸᠨ᠋ᠸᠷᠢᠩ ᠤᠨ ᠲᠠᠨᠭ᠍ᠰᠠ ᠡᠪᠭᠡᠮᠡᠯ ᠳ᠋ᠤ 4200 ᠭᠠᠷᠤᠢ ᠴᠠᠭ ᠤᠨ ᠶᠠᠷᠦᠳ᠋ᠡ ᠶᠢᠨ ᠶᠠᠷᠢᠶᠠᠨ ᠤ ᠬᠡᠯᠡᠨ ᠤ ᠮᠠᠲ᠋ᠸᠷᠢᠶᠠᠯ ᠪᠠ 4000 ᠭᠠᠷᠤᠢ ᠴᠠᠭ ᠤᠨ ᠪᠢᠴᠢᠭ᠌ ᠤᠨ ᠬᠡᠯᠡᠨ ᠤ ᠮᠠᠲ᠋ᠸᠷᠢᠶᠠᠯ ᠢ ᠪᠠᠬᠳ᠋ᠠᠭᠠᠵᠤ᠂ ᠮᠤᠨᠭ᠍ᠭᠤᠯ ᠬᠡᠯᠡᠨ ᠤ ᠶᠠᠷᠦᠳ᠋ᠡ ᠶᠢᠨ ᠶᠠᠷᠢᠶᠠᠨ ᠤ ᠬᠡᠯᠡ ᠠ᠋ᠴᠠ ᠪᠤᠰᠤᠳ ᠪᠠᠰᠠ ᠲᠠᠭᠤᠷ ᠬᠡᠯᠡ᠂ ᠡᠸᠡᠨᠭ᠍ᠭᠢ ᠬᠡᠯᠡ᠂ ᠤᠷᠴᠤᠨ ᠬᠡᠯᠡ ᠵᠡᠷᠭᠡ ᠭᠤᠷᠪᠡᠨ ᠴᠦ᠋ᠭᠡᠨ ᠲᠤᠭᠠᠳ᠋ᠤ ᠦᠨᠳ᠋ᠦᠰᠦᠳ᠋ᠡᠨ ᠤ ᠠᠳ᠋ᠠᠯᠢ ᠪᠤᠰᠤ ᠨᠤᠳ᠋ᠤᠭ ᠤᠨ ᠠᠶᠠᠯᠭᠤ ᠨᠤᠳ᠋ᠤᠭ ᠤᠨ ᠦᠭᠡ ᠶᠢ ᠪᠠᠬᠳ᠋ᠠᠭᠠᠵᠤ᠂ ᠨᠤᠭᠤᠯᠵᠤ ᠪᠤᠳ᠋ᠤᠬᠰᠡᠨ ᠦᠰᠦᠭ᠌ ᠤᠨ ᠲᠤᠭ᠎᠎ᠡ ᠨᠢ 4200 ᠭᠠᠷᠤᠢ ᠲᠦ᠋ᠮᠡᠨ ᠦᠰᠦᠭ᠌ ᠪᠤᠢ᠃
   ᠢᠷᠡᠯᠳᠡ᠄ᠦᠪᠦᠷ ᠮᠣᠩᠭᠣᠯ ᠤᠨ ᠭᠢᠶᠠᠨ ᠰᠦᠯᠵᠢᠶ᠎ᠡ《ᠦᠪᠦᠷ ᠮᠣᠩᠭᠣᠯ ᠤᠨ ᠡᠳ᠋ᠦᠷ ᠤᠨ ᠰᠣᠨ᠋ᠢᠨ》ᠡᠴᠡ ᠰᠢᠯᠵᠢᠬᠦᠯᠤᠨ ᠪᠠᠭᠤᠯᠭᠠᠪᠠ᠃

 

蒙古语语料库一期工程档案完成交接

近日,自治区社科院向自治区档案馆移交了“蒙古语语料库建设工程”一期工程档案。
  “蒙古语语料库建设工程”是经自治区政府批准、由自治区社科院组织实施的一项少数民族语言抢救性工程项目,也是我国首个蒙古语、达斡尔语、鄂温克语、鄂伦春语大型综合性语料库。该项目工程始于2005年,一期工程语料库于2014年完成并顺利通过验收,目前二期工程正在紧锣密鼓实施中。10多年来,项目工程人员深入我国8省区、蒙古国5省1市,以及俄罗斯布里亚特和卡尔梅克共和国等地,行程达数万公里,采访6725人。此次移交自治区档案馆的一期工程档案包括4200多小时的自然口语语料和4000多小时的书面语料,除蒙古语自然口语外,还包含达斡尔语、鄂温克语、鄂伦春语三少民族不同的方言方语,折合文字量4200多万字。
  来源:内蒙古启言网摘自《内蒙古日报》

 
Posted in ᠰᠤᠶᠤᠯ ᠤᠷᠠᠯᠢᠭ |文化信息.