ᠦᠪᠦᠷ ᠮᠤᠩᠭᠤᠯ ᠤᠨ ᠳᠤᠮᠳᠠᠳᠤ ᠮᠠᠶ᠊ᠢᠬ ᠤᠨ ᠪᠦᠬᠡ ᠶᠢᠨ ᠠᠩᠬᠢ 内蒙古中国式摔跤队今日正式成立

ᠦᠪᠦᠷ ᠮᠤᠩᠭᠤᠯ ᠤᠨ ᠳᠤᠮᠳᠠᠳᠤ ᠮᠠᠶ᠊ᠢᠬ ᠤᠨ ᠪᠦᠬᠡ ᠶᠢᠨ ᠠᠩᠬᠢ ᠪᠠᠶᠢᠭᠤᠯᠤᠬᠳᠠᠪᠠ

ᠣᠢᠷ᠎ᠠ ᠶᠢᠨ ᠡᠳᠦᠷ ᠦᠪᠦᠷ ᠮᠤᠩᠭᠤᠯ ᠤᠨ ᠳᠤᠮᠳᠠᠳᠤ ᠮᠠᠶ᠊ᠢᠬ ᠤᠨ ᠪᠦᠬᠡ ᠶᠢᠨ ᠠᠩᠬᠢ ᠶᠢᠨ ᠪᠠᠶᠢᠭᠤᠯᠤᠬᠳᠠᠬᠤ ᠶᠤᠰᠤᠯᠠᠯ ᠬᠦᠬᠡᠬᠤᠲᠠ ᠶᠢᠨ ᠲᠠᠮᠢᠷ ᠤᠨ ᠰᠤᠷᠭᠠᠭᠤᠯᠢ ᠳᠤ ᠶᠠᠪᠤᠬᠳᠠᠪᠠ᠃

ᠳᠤᠮᠳᠠᠳᠤ ᠶᠢᠨ ᠦᠨᠳᠦᠰᠦᠲᠡᠨ ᠤ ᠤᠯᠠᠮᠵᠢᠯᠠᠯᠲᠤ ᠲᠠᠮᠢᠷ ᠤᠨ ᠰᠤᠶᠤᠯ ᠢᠶᠡᠨ ᠪᠠᠳᠠᠷᠠᠭᠤᠯᠤᠨ ᠤᠯᠠᠮᠵᠢᠯᠠᠬᠤ ᠤᠷᠢᠶᠠᠯᠠᠭ᠎ᠠ ᠳᠤᠤᠷ᠎ᠠ᠂ ᠳᠤᠮᠳᠠᠳᠤ ᠮᠠᠶ᠊ᠢᠬ ᠤᠨ ᠪᠦᠬᠡ ᠶᠢᠨ ᠰᠢᠨ᠎ᠡ ᠬᠦᠭᠵᠢᠯᠲᠡ ᠶᠢᠨ ᠠᠵᠠ ᠲᠤᠬᠢᠶᠠᠯ ᠢᠶᠡᠨ ᠤᠬᠲᠤᠵᠦ᠂ ᠬᠤᠶᠠᠳᠤᠭᠠᠷ ᠬᠤᠭᠤᠴᠠᠭᠠᠨ ᠤ ᠪᠦᠬᠦ ᠤᠯᠤᠰ ᠤᠨ ᠵᠠᠯᠠᠭᠤᠴᠤᠳ ᠤᠨ ᠲᠠᠮᠢᠷ ᠤᠨ ᠴᠤᠬᠯᠠᠭᠠᠨ ᠤ ᠵᠢᠩᠬᠢᠨᠢ ᠤᠷᠤᠯᠳᠤᠭᠠᠨ ᠤ ᠲᠦᠷᠦᠯ ᠵᠦᠢᠯ ᠪᠤᠯᠤᠬᠰᠠᠨ ᠡᠴᠡ ᠦᠪᠦᠷ ᠮᠤᠩᠭᠤᠯ ᠤᠨ ᠪᠡᠶ᠎ᠡ ᠶᠢᠨ ᠲᠠᠮᠢᠷ ᠤᠨ ᠲᠤᠪᠴᠢᠶ ᠎ᠠ ᠨᠢᠭᠡᠳᠦᠯᠲᠡᠢ ᠲᠦᠯᠦᠪᠵᠢᠭᠦᠯᠵᠦ᠂ ᠨᠢᠮᠪᠠᠢ ᠰᠤᠳᠤᠯᠤᠨ ᠪᠠᠶᠢᠷᠢᠯᠠᠭᠤᠯᠤᠯᠲᠠ ᠬᠢᠬᠦ ᠪᠡᠷ ᠳᠠᠮᠵᠢᠨ 6 ᠰᠠᠷ᠎ᠠ ᠶᠢᠨ 15 ᠤ ᠡᠳᠦᠷ ᠦᠪᠦᠷ ᠮᠤᠩᠭᠤᠯ ᠤᠨ ᠬᠦᠨᠳᠦ ᠦᠷᠢᠰᠦᠯᠳᠦᠭᠡᠨ ᠤ ᠪᠡᠶ᠎ ᠡ ᠶᠢᠨ ᠲᠠᠮᠢᠷ ᠤᠨ ᠬᠠᠮᠢᠶᠠᠷᠤᠯᠲᠠ ᠶᠢᠨ ᠲᠦᠪ ᠬᠢᠭᠡᠳ ᠬᠦᠬᠡᠬᠤᠲᠠ ᠶᠢᠨ ᠪᠡᠶ᠎ᠡ ᠶᠢᠨ ᠲᠠᠮᠢᠷ ᠤᠨ ᠲᠤᠪᠴᠢᠶ᠎ᠠ ᠬᠠᠮᠲᠤᠷᠠᠨ 《ᠦᠪᠦᠷ ᠮᠤᠩᠭᠤᠯ ᠤᠨ ᠳᠤᠮᠳᠠᠳᠤ ᠮᠠᠶ᠊ᠢᠬ ᠤᠨ ᠪᠦᠬᠡ ᠶᠢᠨ ᠠᠩᠬᠢ》 ᠵᠢ ᠪᠠᠶᠢᠭᠤᠯᠤᠬᠰᠠᠨ ᠪᠠᠶᠢᠨ᠎ᠠ᠃

ᠳᠤᠮᠳᠠᠳᠤ ᠮᠠᠶ᠊ᠢᠬ ᠤᠨ ᠪᠦᠬᠡ ᠶᠢᠨ ᠠᠩᠬᠢ ᠨᠢ ᠨᠢᠭᠡᠳᠦᠯᠲᠡᠢ ᠪᠤᠯᠪᠠᠰᠤᠷᠠᠯ ᠰᠤᠩᠭᠤᠯᠲᠠ ᠪᠡᠷ ᠳᠠᠮᠵᠢᠨ ᠲᠤᠰ ᠤᠳᠠᠭ᠎ᠠ 98 ᠲᠠᠮᠢᠷᠴᠢᠨ ᠡᠯᠰᠡᠪᠡ᠂ ᠡᠭᠦᠨ ᠳᠤ ᠬᠠᠮᠤᠬ ᠤᠨ ᠪᠠᠭ᠎ᠠ ᠨᠢ 13 ᠨᠠᠰᠤᠲᠠᠢ᠂ ᠬᠠᠮᠤᠬ ᠤᠨ ᠶᠡᠬᠡ ᠨᠢ 25 ᠨᠠᠰᠤᠲᠠᠢ᠂ ᠨᠠᠰᠤᠨᠭᠡᠷᠡᠯ ᠠᠩᠬᠢ ᠳᠠᠭᠠᠭᠤᠯᠤᠬᠴᠢ ᠶᠢᠨ ᠠᠵᠢᠯ ᠢ ᠬᠠᠷᠢᠭᠤᠴᠠᠵᠦ᠂ ᠰᠤᠶᠤᠯᠲᠤ ᠭᠤᠤᠯ ᠲᠠᠰᠬᠠᠯᠵᠢᠭᠤᠯᠤᠬᠴᠢ ᠪᠡᠷ ᠲᠤᠮᠢᠯᠠᠬᠳᠠᠪᠠ᠃

1953 ᠤᠨ ᠳᠤ ᠤᠯᠤᠰ ᠤᠨ ᠪᠡᠶ᠎ᠡ ᠶᠢᠨ ᠲᠠᠮᠢᠷ ᠤᠨ ᠰᠫᠤᠷᠲ ᠤᠨ ᠵᠢᠩᠬᠢᠨᠢ ᠤᠷᠤᠯᠳᠤᠭᠠᠨ ᠤ ᠲᠦᠷᠦᠯ ᠵᠦᠢᠯ ᠪᠤᠯᠤᠬᠰᠠᠨ ᠳᠤᠮᠳᠠᠳᠤ ᠮᠠᠶ᠊ᠢᠬ ᠤᠨ ᠪᠦᠬᠡ ᠨᠢ 1993 ᠤᠨ ᠳᠤ ᠪᠦᠬᠦ ᠤᠯᠤᠰ ᠤᠨ ᠲᠠᠮᠢᠷ ᠤᠨ ᠴᠤᠬᠯᠠᠭᠠᠨ ᠤ ᠳᠠᠷᠠᠭ᠎ᠠ ᠤᠯᠤᠰ ᠤᠨ ᠪᠡᠶ᠎ᠡ ᠶᠢᠨ ᠲᠠᠮᠢᠷ ᠤᠨ ᠶᠡᠷᠦᠩᠬᠡᠢ ᠲᠤᠪᠴᠢᠶ᠎ᠠ ᠶᠢᠨ ᠵᠢᠩᠬᠢᠨᠢ ᠤᠷᠤᠯᠳᠤᠭᠠᠨ ᠤ ᠲᠠᠪᠴᠠᠩ ᠡᠴᠡ ᠤᠬᠤᠷᠢᠨ ᠭᠠᠷᠤᠬᠰᠨᠨ ᠪᠠᠶᠢᠨ᠎ᠠ᠃ ᠡᠳᠦᠭᠡ ᠳᠠᠬᠢᠨ ᠰᠡᠷᠭᠦᠭᠡᠭᠳᠡᠭᠰᠡᠨ ᠨᠢ ᠳᠤᠮᠳᠠᠳᠤ ᠮᠠᠶ᠊ᠢᠬ ᠤᠨ ᠪᠦᠬᠡ ᠪᠠᠨ ᠳᠡᠭᠡᠳᠦᠯᠡᠭᠰᠡᠳ ᠪᠤᠯᠤᠨ ᠪᠦᠬᠡᠴᠢᠳ ᠲᠤ ᠠᠪᠴᠤ ᠬᠡᠯᠡᠪᠡᠯ ᠴᠦᠮ ᠮᠠᠰᠢ ᠪᠠᠶᠠᠷᠯᠠᠭᠤᠰᠢᠲᠠᠢ ᠶᠠᠪᠤᠳᠠᠯ ᠪᠤᠯᠬᠤ ᠶᠤᠮ᠃

ᠢᠷᠡᠯᠳᠡ᠄ ᠦᠪᠦᠷ ᠮᠤᠩᠭᠤᠯ ᠤᠨ ᠡᠳᠦᠷ ᠤᠨ ᠰᠤᠨᠢᠨ ᠤ ᠬᠤᠷᠶᠢ᠎ᠠ ᠶᠢᠨ ᠸᠢᠴᠠᠲ

内蒙古中国式摔跤队近日正式成立

近日,内蒙古中国式摔跤队成立仪式在呼和浩特市体育运动学校举行。

  据了解,在国家倡导大力促进中华民族传统体育文化的发扬与传承的指引下,中国式摔跤迎来了新的发展机遇,中国式摔跤正式入围第二届全国青年运动会,经内蒙古体育局统筹规划、研究部署,6月15日,内蒙古重竞技运动管理中心与呼和浩特市体育局携手共建成立了“内蒙古中国式摔跤队”。

  内蒙古摔跤队经过集训选拔,此次招收98名运动员,最小年龄13岁,最大年龄25岁,那顺格日勒为领队,苏乙拉图为主教练。

  据介绍,内蒙古是中国式摔跤成长发展的摇篮,是摔跤人放飞梦想的地方,1953年,中国式摔跤被列入国家体育运动正式比赛项目(1993年全国运动会后退

Posted in ᠤᠷᠤᠯᠳᠤᠭᠠᠨ ᠨᠠᠭᠠᠳᠤᠮ| 赛事赛况.