ᠪᠠᠭᠠᠲᠤᠷ ᠥᠪᠥᠷ ᠮᠣᠩᠭᠣᠯ ᠤᠨ ᠰᠠᠭᠰᠤᠨ ᠪᠦᠮᠪᠦᠭᠡ ᠶᠢᠨ ··· 一代中锋巴特尔当选内蒙古篮球协会主席

ᠪᠠᠭᠠᠲᠤᠷ ᠥᠪᠥᠷ ᠮᠣᠩᠭᠣᠯ ᠤᠨ ᠰᠠᠭᠰᠤᠨ ᠪᠦᠮᠪᠦᠭᠡ ᠶᠢᠨ ᠨᠡᠢᠭᠡᠮᠯᠢᠭ ᠦᠨ ᠲᠡᠷᠢᠭᠦᠯᠡᠭᠴᠢ ᠪᠡᠷ ᠰᠣᠩᠭᠣᠭᠳᠠᠪᠠ

ᠣᠢᠷ᠎ᠠ ᠶᠢᠨ ᠡᠳᠦᠷ ᠂ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠰᠠᠭᠰᠤᠨ ᠪᠦᠮᠪᠦᠭᠡ ᠶᠢᠨ ᠨᠡᠢᠭᠡᠮᠯᠢᠭ ᠦᠨ ᠠᠩᠬᠠᠳᠤᠭᠠᠷ ᠬᠤᠭᠤᠴᠠᠭᠠᠨ ᠤ ᠲᠥᠯᠥᠭᠡᠯᠡᠭᠴᠢᠳ ᠦᠨ ᠶᠡᠬᠡ ᠬᠤᠷᠠᠯ ᠬᠥᠬᠡᠬᠣᠲᠠ ᠳ᠋ᠤ ᠬᠤᠷᠠᠯᠳᠤᠵᠤ ᠂ ᠪᠠᠭᠠᠲᠤᠷ ᠥᠪᠥᠷ ᠮᠣᠩᠭᠣᠯ ᠤᠨ ᠰᠠᠭᠰᠤᠨ ᠪᠦᠮᠪᠦᠭᠡ ᠶᠢᠨ ᠨᠡᠢᠭᠡᠮᠯᠢᠭ ᠦᠨ ᠲᠡᠷᠢᠭᠦᠯᠡᠭᠴᠢ ᠪᠡᠷ ᠰᠣᠩᠭᠣᠭᠳᠠᠪᠠ ᠃

ᠲᠤᠰ ᠤᠳᠠᠭᠠᠨ ᠤ ᠬᠤᠷᠠᠯ ᠢᠶᠠᠷ ᠥᠪᠥᠷ ᠮᠣᠩᠭᠣᠯ ᠤᠨ ᠰᠠᠭᠰᠤᠨ ᠪᠦᠮᠪᠦᠭᠡ ᠶᠢᠨ ᠨᠡᠢᠭᠡᠮᠯᠢᠭ ᠦᠨ ᠳᠦᠷᠢᠮ 《ᠲᠥᠰᠥᠯ 》 ᠢ ᠬᠢᠨᠠᠨ ᠶᠠᠷᠢᠯᠴᠠᠵᠤ ᠪᠠᠲᠤᠯᠠᠭᠰᠠᠨ ᠪᠦᠭᠡᠳ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠰᠠᠭᠰᠤᠨ ᠪᠦᠮᠪᠦᠭᠡ ᠶᠢᠨ ᠨᠡᠢᠭᠡᠮᠯᠢᠭ ᠦᠨ ᠤᠷᠳᠤᠷᠢᠳᠬᠤ ᠪᠠᠢᠭᠤᠯᠤᠮᠵᠢ ᠶᠢ ᠰᠣᠩᠭᠣᠨ ᠭᠠᠷᠭᠠᠵᠠᠢ ᠃ ᠪᠠᠭᠠᠲᠤᠷ ᠥᠪᠥᠷ ᠮᠣᠩᠭᠣᠯ ᠤᠨ ᠰᠠᠭᠰᠤᠨ ᠪᠦᠮᠪᠦᠭᠡ ᠶᠢᠨ ᠨᠡᠢᠭᠡᠮᠯᠢᠭ ᠦᠨ ᠲᠡᠷᠢᠭᠦᠯᠡᠭᠴᠢ ᠪᠡᠷ ᠰᠣᠩᠭᠣᠭᠳᠠᠵᠤ ᠂ ᠬᠤᠧᠠᠩ ᠴᠢ ᠲᠣᠣ ᠲᠡᠳ᠋ ᠲᠡᠷᠢᠭᠦᠯᠡᠭᠴᠢ ᠪᠡᠷ ᠰᠣᠩᠭᠣᠭᠳᠠᠵᠠᠢ ᠃

ᠪᠠᠭᠠᠲᠤᠷ 1975 ᠣᠨ ᠤ 11 ᠰᠠᠷ᠎ᠠ ᠳ᠋ᠤ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠳ᠋ᠤ ᠮᠡᠨᠳᠦᠯᠡᠵᠦ ᠂ 1986 ᠣᠨ ᠡᠴᠠ ᠡᠬᠢᠯᠡᠨ ᠰᠠᠭᠰᠤᠨ ᠪᠦᠮᠪᠦᠭᠡ ᠶᠢᠨ ᠪᠣᠯᠪᠠᠰᠤᠷᠠᠯ ᠢᠶᠠᠨ ᠵᠢᠩᠬᠢᠨᠢ ᠪᠠᠷ ᠡᠬᠢᠯᠡᠭᠦᠯᠵᠦ ᠂ 1991ᠣᠨ ᠳ᠋ᠤ ᠪᠡᠭᠡᠵᠢᠩ ᠦᠨ ᠡᠷᠡᠭᠲᠡᠢ ᠶᠢᠨ ᠰᠠᠭᠰᠤᠨ ᠪᠦᠮᠪᠦᠭᠡ ᠶᠢᠨ ᠠᠩᠭᠢ ᠳ᠋ᠤ ᠣᠷᠣᠵᠠᠢ ᠃ 1993 ᠣᠨ ᠳ᠋ᠤ ᠤᠯᠤᠰ ᠤᠨ ᠠᠩᠭᠢ ᠳ᠋ᠤ ᠠᠩᠬ᠎ᠠ ᠡᠯᠰᠡᠭᠳᠡᠵᠦ ᠂ 1996 ᠣᠨ ᠠᠲ᠋ᠯᠠᠨᠲ᠋ᠠ ᠶᠢᠨ ᠣᠯᠢᠮᠫᠢᠺ ᠤᠨ ᠲᠠᠮᠢᠷ ᠤᠨ ᠴᠤᠭᠯᠠᠭᠠᠨ ᠳ᠋ᠤ ᠤᠯᠤᠰ ᠤᠨ ᠠᠩᠭᠢ ᠶᠢ ᠲᠠᠭᠠᠵᠤ ᠨᠠᠢᠮᠠᠳᠤᠭᠠᠷ ᠲᠤ ᠲᠣᠳᠣᠷᠠᠭᠰᠠᠨ ᠪᠠᠢᠨ᠎ᠠ ᠃ 2001 ᠣᠨ ᠳ᠋ᠤ ᠂ ᠪᠠᠭᠠᠳᠤᠷ NBA (ᠠᠮᠧᠷᠢᠺᠠ ᠶᠢᠨ ᠰᠠᠭᠰᠤᠨ ᠪᠦᠮᠪᠦᠭᠡ ᠶᠢᠨ ᠲᠤᠰᠬᠠᠢ ᠲᠠᠮᠢᠷᠴᠢᠨ ᠤ ᠬᠣᠯᠪᠣᠭᠠᠲᠤ ᠤᠷᠤᠯᠳᠤᠭᠠᠨ )  ᠶᠢᠨ Denver Nuggets ᠠᠩᠭᠢ ᠲᠠᠢ ᠭᠡᠷ᠎ᠡ ᠲᠣᠭᠲᠠᠵᠤ ᠂ 2003 ᠣᠨ ᠳ᠋ᠤ San Antonio Spurs ᠠᠩᠭᠢ ᠳ᠋ᠤ ᠣᠷᠣᠵᠤ ᠂ NBA ᠶᠢᠨ ᠶᠡᠷᠦᠩᠬᠡᠢ ᠮᠠᠩᠯᠠᠢ ᠪᠣᠯᠵᠤ ᠂ NBA ᠶᠢᠨ ᠶᠡᠷᠦᠩᠬᠡᠢ ᠮᠠᠩᠯᠠᠢ ᠶᠢᠨ ᠪᠦᠯᠡᠵᠡᠭ ᠢ ᠭᠠᠷᠳᠠᠭᠰᠠᠨ ᠠᠽᠢᠶ᠎ᠠ ᠲᠢᠪ ᠦᠨ ᠠᠩᠬᠠᠳᠠᠭᠴᠢ ᠲᠠᠮᠢᠷᠴᠢᠨ ᠪᠣᠯᠣᠭᠰᠠᠨ ᠪᠠᠢᠨ᠎ᠠ ᠃ 2005 ᠣᠨ ᠳ᠋ᠤ ᠂ ᠪᠠᠭᠠᠲᠤᠷ CBA (ᠳᠤᠮᠳᠠᠳᠤ ᠤᠯᠤᠰ ᠤᠨ ᠰᠠᠭᠰᠤᠨ ᠪᠦᠮᠪᠦᠭᠡ ᠶᠢᠨ ᠲᠤᠰᠬᠠᠢ ᠲᠠᠮᠢᠷᠴᠢᠨ ᠤ ᠬᠣᠯᠪᠣᠭᠠᠲᠤ ᠤᠷᠤᠯᠳᠤᠭᠠᠨ ) ᠳ᠋ᠤ ᠪᠠᠨ ᠪᠤᠴᠠᠵᠤ ᠂ ᠤᠷᠢᠳ ᠬᠣᠵᠢᠳ ᠪᠡᠭᠡᠵᠢᠩ ᠦᠨ ᠱᠧᠥ ᠭᠠᠩ ᠠᠩᠭᠢ ᠪᠣᠯᠣᠨ ᠰᠢᠨᠵᠢᠶᠠᠩ ᠤᠨ ᠭᠤᠧᠠᠩ ᠾᠦᠢ ᠠᠩᠭᠢ ᠳ᠋ᠤ ᠰᠠᠭᠰᠤᠨ ᠪᠦᠮᠪᠤᠭᠡ ᠲᠣᠭᠯᠠᠵᠤ ᠪᠠᠢᠵᠠᠢ ᠃ 2015ᠣᠨ ᠤ 8 ᠰᠠᠷ᠎ᠠ ᠳ᠋ᠤ ᠂ ᠪᠠᠭᠠᠲᠤᠷ ᠠᠵᠢᠯ ᠡᠴᠠ ᠪᠠᠨ ᠬᠠᠯᠠᠭᠳᠠᠪᠠ ᠃

ᠢᠷᠡᠯᠲᠡ ᠄ ᠠᠷᠠᠳ ᠤᠨ ᠰᠦᠯᠵᠢᠶ᠎ᠡ

一代中锋巴特尔当选内蒙古篮球协会主席

近日,内蒙古篮球协会第一届全体代表大会在呼和浩特召开,前著名球星巴特尔当选内蒙古篮协主席。

本次会议审议通过了《内蒙古篮球协会章程(草案)》,并选举产生了内蒙古篮球协会领导机构。巴特尔当选协会主席,黄其涛当选协会副主席。

巴特尔1975年11月出生于内蒙古自治区,1986年开始正规篮球训练,1991年进入北京男篮,1993年首次入选国家队,曾在1996年亚特兰大奥运会上随国家队获得第八名。2001年,巴特尔签约NBA丹佛掘金队,并在2003年随马刺队获得NBA总冠军,成为亚洲首个获得NBA总冠军戒指的球员。2005年,大巴回归CBA联赛,先后效力于北京首钢队和新疆广汇队。2015年8月,巴特尔正式退役。

Posted in ᠤᠷᠤᠯᠳᠤᠭᠠᠨ ᠨᠠᠭᠠᠳᠤᠮ| 赛事赛况.