ᠨᠤᠲᠤᠭ ᠪᠡᠯᠴᠢᠭᠡᠷ ᠢ ᠬᠠᠮᠠᠭᠠᠯᠠᠬᠤ ᠪᠠᠷ ᠳᠦᠯᠦᠪᠯᠡᠭᠰᠡᠨ ᠵᠠᠷᠢᠮ ᠵᠦᠢᠯᠡᠰ ᠨᠢ···部分草原保护项目竟变“生态杀手”

ᠨᠤᠲᠤᠭ ᠪᠡᠯᠴᠢᠭᠡᠷ ᠢ ᠬᠠᠮᠠᠭᠠᠯᠠᠬᠤ ᠪᠠᠷ ᠳᠦᠯᠦᠪᠯᠡᠭᠰᠡᠨ ᠵᠠᠷᠢᠮ ᠵᠦᠢᠯᠡᠰ ᠨᠢ ᠭᠡᠲᠡᠷᠬᠦ ᠪᠡᠨ ᠲᠠᠯ᠎ᠠ ᠨᠤᠲᠤᠭ ᠤᠨ ᠠᠮᠢ ᠠᠬᠤᠢ ᠶᠢ ᠦᠭᠡᠢᠬᠢᠵᠦ ᠪᠠᠢᠨ᠎ᠠ

《ᠠᠵᠤ ᠠᠬᠤᠢ  ᠶᠢᠨ ᠯᠠᠪᠯᠠᠯᠲᠠ ᠰᠤᠨᠢᠨ 》 ᠣᠷᠴᠢᠮ ᠤᠨ ᠡᠳᠦᠷ 《ᠨᠤᠲᠤᠭ ᠪᠡᠯᠴᠢᠭᠡᠷ  ᠢ ᠬᠠᠮᠠᠭᠠᠯᠠᠬᠤ  ᠪᠠᠷ ᠳᠦᠯᠦᠪᠯᠡᠭᠰᠡᠨ ᠵᠠᠷᠢᠮ ᠵᠦᠢᠯᠡᠰ ᠨᠢ ᠭᠡᠲᠡᠷᠬᠦ ᠪᠡᠨ ᠲᠠᠯ᠎ᠠ ᠨᠤᠲᠤᠭ ᠤᠨ ᠠᠮᠢ ᠠᠬᠤᠢ ᠶᠢ ᠦᠭᠡᠢᠬᠢᠵᠦ ᠪᠠᠢᠨ᠎ᠠ 》 ᠭᠡᠰᠡᠨ ᠭᠠᠷᠴᠠᠭ  ᠲᠠᠢ ᠮᠡᠲᠡᠭᠡᠯᠡᠯ ᠨᠡᠢᠲᠡᠯᠡᠵᠡᠢ ᠃ ᠰᠤᠷᠪᠤᠯᠵᠢᠯᠠᠭᠴᠢ ᠤᠷᠴᠢᠮᠬᠠᠨ ᠳ᠋ᠥ ᠦᠪᠦᠷ ᠮᠤᠩᠭᠤᠯ  ᠤᠨ ᠬᠡᠰᠡᠭ ᠮᠠᠯᠵᠢᠬᠤ ᠤᠷᠤᠨ ᠳ᠋ᠥ ᠪᠠᠢᠴᠠᠭᠠᠨ ᠰᠤᠳᠤᠯᠤᠯᠲᠠ ᠬᠢᠬᠦ ᠳ᠋ᠡᠭᠡᠨ ᠤᠢᠯᠠᠭᠠᠵᠤ ᠮᠡᠲᠡᠭᠰᠡᠨ ᠨᠢ ᠂ ᠤᠢᠷ᠎ᠠ ᠶᠢᠨ ᠵᠢᠯ ᠤᠳ ᠲᠣ ᠣᠯᠣᠰ ᠡᠴᠠ ᠨᠤᠲᠤᠭ ᠪᠡᠯᠴᠢᠭᠡᠷ  ᠤᠨ ᠨᠦᠬᠦᠪᠦᠷᠢ ᠱᠠᠩᠨᠠᠯ ᠤᠯᠭᠤᠬᠤ ᠳᠦᠷᠦ ᠶᠢᠨ ᠪᠤᠲᠤᠯᠭ᠎ᠠ ᠪᠠ ᠮᠠᠯᠵᠢᠬᠤ ᠶᠢ ᠵᠤᠭᠰᠤᠭᠠᠬᠤ ᠵᠡᠷᠭᠡ ᠬᠠᠮᠠᠭᠠᠯᠠᠬᠤ ᠠᠷᠭ᠎ᠠ ᠬᠡᠮᠵᠢᠶ᠎ᠡ ᠠᠪᠤᠭᠰᠠᠨ ᠢᠶᠠᠷ ᠂ ᠦᠪᠦᠷ ᠮᠤᠩᠭᠤᠯ ᠤᠨ ᠨᠤᠲᠤᠭ ᠪᠡᠯᠴᠢᠭᠡᠷ ᠦᠨ ᠠᠮᠢ ᠠᠬᠤᠢ ᠮᠠᠭᠤᠲᠠᠬᠤ ᠬᠠᠨᠳᠤᠰᠢ ᠢᠲᠡᠭ ᠢᠲᠡᠭ  ᠢᠶᠡᠷ ᠨᠠᠮᠬᠠᠷᠠᠵᠠᠢ ᠃ ᠭᠡᠪᠡᠴᠦ ᠵᠠᠷᠢᠮ ᠦᠨᠳᠦᠷ ᠤᠨᠠᠯᠲᠠᠳᠦ ᠪᠤᠷᠲᠤᠭᠠᠨ ᠭᠠᠵᠠᠷ ᠂ ᠨᠤᠲᠤᠭ ᠪᠡᠯᠴᠢᠭᠡᠷ  ᠤᠨ ᠡᠯᠡᠰᠦ  ᠶᠢ ᠵᠠᠰᠠᠬᠤ ᠂ ᠳᠤᠤᠷᠯᠠᠵᠤ ᠬᠠᠰᠢᠶᠠᠯᠠᠬᠤ ᠪᠦᠳᠦᠭᠡᠨ ᠪᠠᠢᠭᠤᠯᠤᠯᠲᠠ ᠶᠢᠨ ᠵᠦᠢᠯᠡᠰ ᠵᠡᠷᠭᠡ ᠨᠤᠲᠤᠭ ᠪᠡᠯᠴᠢᠭᠡᠷ ᠢ ᠬᠠᠮᠠᠭᠠᠯᠠᠬᠤ ᠵᠤᠷᠢᠯᠭ᠎ᠠ  ᠲᠠᠢ ᠵᠠᠷᠢᠮ ᠦᠢᠯᠡ ᠠᠵᠢᠯᠯᠠᠭ᠎ᠠ ᠨᠢ ᠮᠠᠯᠵᠢᠬᠤ ᠤᠷᠤᠨ ᠤ ᠭᠠᠵᠠᠷ ᠲᠤᠤᠷᠠᠬᠢ ᠤᠰᠤᠨ ᠳᠦᠪᠰᠢᠨ ᠲᠤᠷᠤᠭᠰᠢᠯᠠᠬᠤ ᠂ ᠠᠮᠢᠲᠤ ᠪᠤᠲᠠᠰ ᠤᠨ ᠤᠯᠠᠨ ᠶᠠᠩᠵᠤᠲᠤ ᠴᠢᠨᠠᠷ ᠪᠠᠭᠠᠰᠬᠤ ᠶᠠᠪᠤᠲᠠᠯ  ᠢ ᠠᠬᠠᠲᠠᠭᠤᠯᠵᠤ ᠂ ᠵᠠᠷᠢᠮ ᠭᠠᠵᠠᠷ  ᠤᠨ ᠨᠤᠲᠤᠭ ᠪᠡᠯᠴᠢᠭᠡᠷ  ᠢ ᠲᠠᠴᠢᠷᠲᠠᠭᠤᠯᠤᠨ ᠮᠠᠭᠤᠲᠠᠭᠤᠯᠵᠤ ᠪᠠᠢᠨ᠎ᠠ ᠃

ᠦᠨᠳᠦᠷ ᠤᠨᠠᠯᠲᠠᠲᠤ ᠪᠤᠷᠲᠤᠭ᠎ᠠ ᠲᠠᠷᠢᠭᠠᠳ ᠨᠤᠲᠤᠭ ᠪᠡᠯᠴᠢᠭᠡᠷ ᠲᠣ ᠬᠦᠨᠦᠭᠡᠯ ᠤᠴᠠᠷᠠᠭᠤᠯᠵᠤ ᠪᠠᠢᠨ᠎ᠠ

ᠬᠤᠷᠢᠲᠤᠭᠠᠷ ᠵᠠᠭᠤᠨ ᠤ ᠶᠡᠷᠡᠭᠡᠳ ᠦᠨ ᠡᠴᠠ 2013 ᠤᠨ ᠤ ᠦᠶ᠎ᠡ ᠪᠡᠷ ᠦᠪᠦᠷ ᠮᠤᠩᠭᠤᠯ ᠤᠨ ᠬᠢᠨ ᠬᠡᠰᠡᠭ ᠮᠠᠯᠵᠢᠬᠤ ᠤᠷᠤᠨ ᠳ᠋ᠥ ᠦᠨᠳᠦᠷ ᠤᠨᠠᠯᠲᠠᠲᠤ ᠪᠤᠷᠲᠤᠭ᠎ᠠ ᠲᠠᠷᠢᠵᠤ ᠂ ᠮᠠᠯᠴᠢᠳ ᠤᠨ ᠨᠤᠭᠤᠭᠠᠨ  ᠢᠶᠡᠷ ᠲᠠᠷᠤᠰᠢᠯᠠᠬᠤ ᠡᠷᠲᠡᠨᠢ ᠰᠢᠰᠢ ᠪᠠ ᠦᠨᠳᠦᠷ ᠤᠨᠠᠯᠲᠠᠲᠤ ᠲᠡᠵᠢᠭᠡᠯ ᠡᠪᠡᠰᠦ ᠲᠠᠷᠢᠬᠤ ᠶᠢ ᠵᠤᠷᠢᠭᠵᠢᠭᠤᠯᠵᠠᠢ ᠂ ᠡᠬᠦᠨ ᠦ ᠵᠤᠷᠢᠯᠭ᠎ᠠ ᠨᠢ ᠡᠪᠦᠯ ᠬᠠᠪᠤᠷ ᠤᠨ ᠡᠪᠡᠰᠦ ᠪᠤᠷᠲᠤᠭ᠎ᠠ ᠶᠢ ᠬᠦᠷᠦᠯᠴᠡᠭᠡ ᠲᠡᠢ ᠪᠤᠯᠭᠠᠵᠤ ᠂ ᠨᠤᠲᠤᠭ ᠪᠡᠯᠴᠢᠭᠡᠷ ᠦᠨ ᠲᠠᠷᠤᠯᠲᠠ  ᠶᠢ ᠬᠦᠩᠭᠡᠯᠡᠬᠦ ᠭᠡᠰᠡᠨ ᠶᠤᠮ ᠃ ᠭᠡᠪᠡᠴᠦ ᠵᠠᠷᠢᠮ ᠦᠨᠳᠦᠷ ᠤᠨᠠᠯᠲᠠᠲᠤ ᠡᠪᠡᠰᠦ ᠪᠤᠷᠲᠤᠭᠠᠨ ᠤ ᠲᠠᠷᠢᠮᠠᠯ ᠨᠢ ᠭᠠᠵᠠᠷ ᠲᠤᠤᠷᠠᠬᠢ ᠤᠰᠦ  ᠶᠢ ᠶᠡᠬᠡ  ᠪᠠᠷ ᠲᠠᠲᠠᠨ ᠬᠡᠷᠡᠭᠯᠡᠵᠦ ᠂ ᠬᠢᠮᠢ ᠶᠢᠨ ᠪᠤᠷᠲᠤᠭᠤᠷ ᠢ ᠬᠡᠮᠵᠢᠶ᠎ᠡ ᠡᠴᠠ ᠬᠡᠳᠦᠷᠡᠬᠦᠯᠦᠨ ᠬᠢᠭᠰᠡᠨ ᠢᠶᠡᠷ ᠨᠤᠲᠤᠭ ᠪᠡᠯᠴᠢᠭᠡᠷ  ᠤᠨ ᠲᠠᠴᠢᠷᠲᠠᠯ  ᠢ ᠤᠯᠠᠮ ᠬᠡᠴᠡᠬᠦᠦ ᠪᠤᠯᠭᠠᠭᠰᠠᠨ ᠪᠠᠢᠨ᠎ᠠ ᠃

《ᠨᠤᠭᠤᠭᠠᠷᠠᠭᠤᠯᠬᠤ 》 ᠶᠢ ᠦᠷᠦᠭᠡᠰᠦᠯ ᠢᠶᠡᠷ ᠴᠢᠬᠤᠯᠠᠴᠢᠯᠠᠬᠤ ᠨᠢ ᠠᠮᠢ ᠠᠬᠤᠢ ᠳ᠋ᠥ ᠬᠦᠨᠦᠭᠡᠯ ᠤᠴᠠᠷᠠᠭᠤᠯᠵᠤ ᠮᠠᠲᠠᠨ᠎ᠠ

ᠰᠤᠷᠪᠤᠯᠵᠢᠯᠠᠭᠴᠢ ᠤᠢᠯᠠᠭᠠᠵᠤ ᠮᠡᠲᠡᠭᠰᠡᠨ ᠨᠢ ᠂ ᠵᠠᠷᠢᠮ ᠭᠠᠵᠠᠷ ᠤᠷᠤᠨ ᠤ ᠬᠢᠨ ᠡᠯᠡᠰᠦ ᠮᠠᠩᠬ᠎ᠠ  ᠶᠢ ᠵᠠᠰᠠᠬᠤ ᠪᠠ ᠠᠮᠢ ᠠᠬᠤᠢ ᠶᠢᠨ ᠪᠦᠳᠦᠭᠡᠨ ᠪᠠᠢᠭᠤᠯᠤᠯᠲᠠ ᠬᠢᠬᠦ ᠳ᠋ᠡᠭᠡᠨ 《ᠳᠤᠮᠤ ᠪᠦᠭᠡᠳ ᠪᠦᠷᠢᠨ 》 ᠪᠤᠯᠭᠠᠬᠤ  ᠶᠢ ᠬᠦᠭᠡᠭᠡᠴᠡᠯᠳᠦᠵᠦ ᠂ ᠳᠤᠬᠠᠢ ᠶᠢᠨ ᠭᠠᠵᠠᠷ ᠤᠨ ᠪᠠᠢᠲᠠᠯ ᠳ᠋ᠤᠨᠢ ᠳᠤᠬᠢᠷᠠᠭᠤᠯᠤᠭᠰᠠᠨ ᠦᠭᠡᠢ ᠂ ᠵᠢᠮ᠎ᠡ ᠶᠤᠰᠦ ᠶᠢ ᠲᠠᠭᠠᠭᠰᠠᠨ  ᠦᠭᠡᠢ ︔ ᠡᠰᠡᠬᠦᠯ᠎ᠡ 《ᠨᠤᠭᠤᠭᠠᠷᠠᠭᠤᠯᠬᠤ ᠠᠵᠢᠯ ᠤᠨ ᠪᠦᠳᠦᠮᠵᠢ 》 ᠶᠢ ᠨᠢᠭᠡ ᠯᠡ ᠬᠦᠭ ᠢᠶᠡᠷ ᠬᠦᠭᠡᠭᠡᠴᠡᠯᠳᠦᠵᠦ ᠂ ᠪᠤᠲᠠᠲᠠᠢ ᠪᠠᠢᠲᠠᠯ ᠢᠶᠠᠨ ᠦᠵᠡᠬᠦ ᠦᠭᠡᠢ ᠪᠠᠢᠨ᠎ᠠ ᠃

ᠬᠡᠳᠦᠷᠡᠲᠡᠯ᠎ᠡ ᠳᠤᠤᠷᠯᠠᠵᠤ ᠬᠠᠰᠢᠭᠰᠠᠨ ᠡᠴᠠ ᠠᠮᠢᠲᠤ ᠪᠤᠳᠠᠰ ᠤᠨ ᠬᠡᠯᠬᠢᠶ᠎ᠡ ᠶᠢ 《ᠲᠠᠰᠤᠯᠵᠤ ᠬᠠᠶᠠᠵᠠᠢ 》

2000 ᠤᠨ ᠡᠴᠠ ᠡᠬᠢᠯᠡᠨ ᠦᠪᠦᠷ ᠮᠤᠩᠭᠤᠯ ᠤᠨ ᠶᠡᠬᠡᠩᠬᠢ ᠮᠠᠯᠵᠢᠬᠤ ᠤᠷᠤᠨ ᠳ᠋ᠥ ᠨᠤᠲᠤᠭ ᠪᠡᠯᠴᠢᠭᠡᠷ  ᠢ ᠬᠦᠷᠢᠶᠡᠯᠡᠨ ᠳᠤᠤᠷᠯᠠᠵᠤ ᠡᠬᠢᠯᠡᠭᠰᠡᠨ  ᠨᠢ ᠬᠡᠳᠦᠢᠪᠡᠷ ᠨᠤᠲᠤᠭ ᠪᠡᠯᠴᠢᠭᠡᠷ  ᠤᠨ ᠲᠠᠭᠠᠭᠠᠴᠢᠯᠠᠯᠲᠠ  ᠶᠢᠨ ᠡᠷᠭᠡ   ᠶᠢ ᠲᠤᠲᠤᠷᠬᠠᠢᠯᠠᠵᠤ ᠂ ᠮᠠᠯᠴᠢᠳ ᠤᠨ ᠨᠤᠲᠤᠭ ᠪᠡᠯᠴᠢᠭᠡᠷ ᠢ ᠵᠦᠢ ᠵᠤᠬᠢᠰᠳᠠᠢ ᠪᠠᠷ ᠠᠰᠢᠭᠯᠠᠬᠤ ᠪᠠ ᠬᠠᠮᠠᠭᠠᠯᠠᠬᠤ ᠳ᠋ᠥ ᠳᠤᠰᠠᠳᠠᠢ ᠪᠤᠯᠭᠠᠭᠰᠠᠨ ᠪᠤᠯᠪᠠᠴᠦ ᠭᠠᠵᠠᠷ ᠰᠠᠢ ᠦᠭᠡᠢ ᠦᠷᠬᠦᠯᠵᠢᠯᠡᠭᠰᠡᠨ ᠳᠤᠤᠷ ᠬᠠᠰᠢᠯᠭ᠎ᠠ ᠨᠢ ᠠᠮᠢᠲᠤ ᠪᠤᠲᠠᠰ ᠤᠨ ᠤᠯᠠᠨ ᠶᠠᠩᠵᠤᠲᠤ ᠴᠢᠨᠠᠷ ᠪᠤᠯᠤᠨ ᠠᠮᠢ ᠠᠬᠤᠢ ᠶᠢᠨ ᠲᠡᠩᠴᠡᠬᠦᠷᠢ ᠶᠢ ᠬᠠᠮᠠᠭᠠᠯᠠᠬᠤ ᠳ᠋ᠥ ᠮᠠᠭᠤ ᠨᠦᠯᠦᠭᠡ ᠦᠵᠡᠬᠦᠯᠵᠦ ᠪᠠᠢᠨ᠎ᠠ ᠃

ᠢᠷᠡᠯᠲᠡ ᠄ ᠠᠷᠠᠳ ᠤᠨ ᠰᠦᠯᠵᠢᠶ᠎ᠡ

部分草原保护项目竟变“生态杀手”

《经济参考报》近日刊发题为《部分草原保护项目竟变“生态杀手”》的报道。文章称,记者近期在内蒙古部分牧区调研时了解到,近年来,随着国家草原补奖政策和地区性休牧等保护措施的实施,内蒙古草原生态整体恶化趋势逐步减缓,然而一些高产饲料地、草原沙地治理、网围栏建设项目等本以保护为目的的行为,却加剧了草原地区地下水位下降,生物多样性减少,造成了部分地方草原退化。

高产饲料地蚕食草原

20世纪90年代初到2013年前后,内蒙古开始在部分牧区建设高产饲料地,鼓励牧民种植青贮玉米或高产牧草,为的是冬春季节补充牲畜所需的饲草料,以减轻草场压力。但记者在一些牧区采访了解到,一些高产饲料地大量抽取地下水、超量施用化肥,反而加剧了草原退化。

唯“绿”是图或破坏生态

采访中记者了解到,有些草原地区搞沙区治理和生态建设时“贪大求全”,没能因地制宜、遵循规律,或存在一味追求“绿色政绩”而不顾实际的苗头。

过度围栏“阻断”生物链

在内蒙古大部分牧区,2000年以来兴建的网围栏虽明确了牧民对草场的承包经营权,让牧民更积极主动合理放牧、保护草原,但密布的网围栏对生物多样性和生态平衡的影响日益突出。

Posted in ᠴᠢᠯᠤᠭᠡᠲᠦ ᠴᠠᠭ |茶余饭后 and tagged .