ᠰᠣᠷᠪᠣᠯᠵᠢᠯᠠᠭᠴᠢ ᠣᠢᠷ᠎ᠠ ᠳ᠋ᠥ ᠥᠪᠦᠷ ᠮᠣᠩᠭᠣᠯ ᠤᠨ ᠥᠪᠡᠷᠲᠡᠭᠡᠨ ᠵᠠᠰᠠᠬᠣ ᠣᠷᠣᠨ ᠤ ᠲᠠᠷᠢᠶᠠᠯᠠᠩ ᠮᠠᠯ ᠠᠵᠤ ᠠᠬᠤᠢ ᠵᠢᠨ ᠲᠢᠩᠬᠢᠮ ᠡᠴᠠ ᠣᠢᠯᠭᠠᠭᠰᠠᠨ ᠢᠶᠠᠷ ᠂ 《ᠮᠣᠷᠢᠨ ᠨᠢᠷᠣᠭᠣᠨ ᠳ᠋ᠠᠬᠢ ᠦᠨᠳᠦᠰᠦᠲᠡᠨ 》ᠬᠡᠮᠡᠭᠳᠡᠭᠰᠡᠨ ᠥᠪᠦᠷ ᠮᠣᠩᠭᠣᠯ ᠤᠨ ᠥᠪᠡᠷᠲᠡᠭᠡᠨ ᠵᠠᠰᠠᠬᠣ ᠣᠷᠣᠨ ᠤ ᠠᠳᠣᠭᠣᠨ ᠤ ᠵᠤᠭᠰᠤᠭᠠᠯ ᠲᠣᠭ᠎ᠠ ᠤᠳᠤ 84.8 ᠲᠥᠮᠡ ᠬᠦᠷᠴᠦ ᠂ ᠪᠦᠬᠦ ᠣᠯᠣᠰ ᠤᠨ ᠨᠢᠭᠡᠳᠦᠭᠡᠷ ᠲᠣ ᠤᠷᠤᠪᠠ ᠃
ᠥᠪᠦᠷ ᠮᠣᠩᠭᠣᠯ ᠪᠣᠯ ᠳᠣᠮᠳᠠᠳᠣ ᠣᠯᠣᠰ ᠲᠡᠷᠡᠴᠢᠯᠡᠨ ᠲᠡᠯᠡᠬᠡᠢ ᠳ᠋ᠥ ᠬᠡᠰᠡᠨ ᠠᠳᠤᠭᠤᠨ ᠤ ᠲᠦᠷᠦᠯ ᠤᠨ ᠡᠬᠢ ᠪᠠᠶᠠᠯᠢᠭ ᠥᠨᠢᠷ ᠪᠠᠶᠠᠯᠢᠭ ᠭᠠᠵᠠᠷ ᠤᠨ ᠨᠢᠭᠡ ᠂ ᠮᠣᠷᠢᠨ ᠤ ᠡᠭᠦᠯᠳᠡᠷ ᠦᠨ ᠡᠭᠦᠰᠦᠯ ᠦᠨ ᠭᠠᠵᠠᠷ ᠂ ᠨᠡᠩ ᠢᠯᠠᠩᠭᠣᠶᠠ ᠮᠣᠩᠭᠣᠯ ᠮᠣᠷᠢᠨ ᠤ ᠲᠠᠭᠠᠭᠠᠴᠠ ᠴᠢᠩᠭ᠎ᠠ ᠂ ᠡᠪᠡᠳᠴᠢᠨ ᠢ ᠡᠰᠡᠷᠭᠦᠴᠡᠬᠦ ᠵᠡᠷᠭᠡ ᠲᠠᠪᠠᠭᠣᠯᠢᠭ ᠣᠯᠣᠰ ᠤᠨ ᠭᠠᠳᠠᠭᠠᠲᠣ ᠳᠣᠲᠣᠭᠠᠲᠣ ᠳ᠋ᠥ ᠠᠯᠲᠠᠷ ᠲᠠᠢ ᠃ ᠪᠦᠬᠦ ᠣᠷᠣᠨ ᠤ ᠠᠳᠣᠭᠣ 10 ᠲᠥᠮᠡ ᠡᠴᠠ ᠲᠡᠭᠡᠭᠰᠢ ᠠᠢᠮᠠᠭ ᠬᠣᠲᠠ ᠬᠥᠯᠦᠨ ᠪᠣᠢᠷ ᠂ ᠰᠢᠯᠢ ᠶᠢᠨ ᠭᠣᠣᠯ ᠂ ᠲᠦᠩᠯᠢᠶᠤᠤ ᠬᠣᠲᠠ ᠪᠠ ᠣᠯᠠᠭᠠᠨᠬᠠᠳᠠ ᠬᠣᠲᠠ ᠂ ᠠᠳᠣᠭᠣ 1 ᠲᠥᠮᠡ ᠡᠴᠠ ᠲᠡᠭᠡᠭᠰᠢᠬᠢ ᠬᠣᠰᠢᠭᠣ ᠰᠢᠶᠠᠨ ᠲᠣᠭᠣᠷᠢᠭ 31ᠪᠤᠢ ᠃
ᠢᠷᠡᠯᠲᠡ ᠄ ᠠᠷᠠᠳ ᠤᠨ ᠰᠦᠯᠵᠢᠶ᠎ᠡ