ᠠᠷᠭᠠᠯ ᠦᠨᠦᠷᠲᠦᠭᠰᠡᠨ ᠡᠵᠢ ᠮᠢᠨᠢ温馨的妈妈

 
 

ᠠᠷᠭᠠᠯ ᠦᠨᠦᠷᠲᠦᠭᠰᠡᠨ ᠡᠵᠢ ᠮᠢᠨᠢ

ᠪ᠊· ᠬᠢᠷᠠᠭᠤ(ᠥᠪᠦᠷ ᠮᠣᠩᠭᠤᠯ ᠤᠨ ᠦᠨᠳᠦᠰᠦᠲᠡᠨ ᠦ ᠳᠡᠭᠡᠳᠦ ᠵᠡᠷᠭᠡ  ᠢᠢᠨ ᠲᠤᠰᠬᠠᠢ ᠮᠡᠷᠭᠡᠵᠢᠯ ᠦᠨ ᠰᠤᠷᠭᠠᠭᠤᠯᠢ )
ᠠᠭᠠᠷ ᠰᠡᠩᠭᠢᠨᠡᠭᠰᠡᠨ ᠲᠠᠯ᠎ᠠ ᠶᠢᠨ ᠲᠡᠷᠭᠡᠯ ᠰᠠᠷᠠ ᠮᠡᠯᠲᠡᠢᠬᠦ ᠳᠦ
ᠠᠷᠭᠠᠯ ᠦᠨᠦᠷᠲᠦᠭᠰᠡᠨ ᠡᠵᠢ ᠪᠡᠨ ᠪᠢ ᠵᠡᠭᠦᠳᠦᠯᠡᠨ᠎ᠡ
ᠠᠢᠯ ᠤᠨ ᠬᠣᠭᠤᠷᠤᠨᠳᠤ ᠲᠤᠭᠤᠰᠤᠲᠠᠢ ᠵᠡᠮ ᠢᠶᠡᠷ ᠲᠣᠩᠭᠤᠴᠢᠨ ᠪᠠᠢᠵᠤ ᠥᠰᠦᠭᠰᠡᠨ
ᠠᠯᠢᠶ᠎ᠠ ᠨᠠᠰᠤᠨ ᠤ ᠲᠣᠮᠤᠭ᠎ᠠ ᠦᠭᠡᠢ ᠪᠣᠳᠤᠯ ᠢᠶᠠᠨ ᠦᠭᠡᠢᠯᠡᠨ᠎ᠡ᠃
ᠠᠷᠤᠭ ᠬᠡᠪᠲᠡᠷᠢᠰᠢᠭᠰᠡᠨ ᠨᠢᠷᠤᠭᠤᠨ ᠳᠤ ᠨᠢ ᠲᠠᠩᠳᠠ ᠡᠭᠦᠷᠦᠭᠦᠯᠳᠡᠭ ᠢᠶᠡᠨ ᠰᠠᠨᠠᠭᠠᠳ
ᠠᠷᠪᠠᠨ ᠲᠠᠪᠤᠨ ᠤ ᠰᠥᠨᠢ ᠵᠤᠯᠠ ᠮᠦᠩᠬᠡᠵᠢᠭᠦᠯᠵᠦ ᠬᠤᠨᠤᠨᠠᠮ᠃
ᠠᠮᠢᠳᠤᠷᠠᠯ ᠬᠠᠢᠷ᠎ᠠ ᠶᠢᠨ ᠬᠠᠯᠠᠭᠤᠨ ᠪᠤᠶᠠᠨ ᠳᠤ
ᠵᠥᠩᠳᠡᠭᠡᠨ ᠨᠢᠯᠬᠠᠷᠠᠳᠠᠭ ᠢᠶᠠᠨ ᠳᠤᠷᠠᠰᠤᠭᠠᠳ
ᠠᠮᠢᠳᠤ ᠡᠨᠡ ᠪᠤᠷᠬᠠᠨ ᠳᠤ ᠪᠠᠨ ᠡᠷᠢᠬᠡ ᠢᠮᠡᠷᠦᠨ ᠵᠠᠯᠪᠠᠷᠢᠨᠠᠮ
ᠬᠥᠯᠦᠰᠦᠲᠡᠢ ᠭᠥᠯᠢᠮ ᠳᠡᠭᠡᠷ᠎ᠡ ᠬᠦᠯᠦᠭ ᠬᠠᠷᠠᠭᠤᠯᠤᠨ
ᠬᠥᠨᠦᠭ ᠲᠦᠰᠢᠭᠦᠯᠵᠦ ᠬᠥᠮᠦᠨ ᠪᠣᠯᠭᠠᠭᠰᠠᠨ
ᠬᠥᠯ ᠨᠢ ᠮᠠᠢᠵᠢᠬᠢᠬᠠᠨ᠂ ᠬᠤᠷᠤᠭᠤ ᠨᠢ ᠮᠤᠢᠨᠤᠭᠬᠠᠨ
ᠬᠥᠳᠡᠭᠡ ᠶᠢᠨ ᠪᠣᠷᠤ ᠡᠵᠢ ᠮᠢᠨᠢ
ᠲᠠᠨ ᠠᠴᠠ ᠪᠠᠨ ᠪᠢ ᠥᠷᠦᠰᠢᠶᠡᠯ ᠭᠤᠶᠤᠨᠠᠮ
ᠲᠠᠯ᠎ᠠ ᠰᠢᠭ ᠰᠡᠳᠭᠢᠯ ᠲᠡᠢ ᠪᠣᠯᠭᠠᠵᠤ ᠬᠠᠢᠷᠠᠯᠠ
ᠲᠣᠰᠤ ᠳᠠᠭᠠᠭᠠᠭᠰᠠᠨ ᠮᠣᠢᠨᠤᠭ ᠬᠤᠷᠤᠭᠤ ᠪᠠᠷ
ᠲᠣᠯᠤᠭᠠᠢ ᠢᠯᠪᠢᠵᠦ ᠮᠠᠩᠨᠠᠢ ᠶᠢ ᠮᠢᠨᠢ ᠦᠨᠦᠰᠬᠦ ᠳᠦ ᠨᠢ
ᠲᠣᠮᠤᠭ᠎ᠠ ᠦᠭᠡᠢᠬᠡᠨ ᠬᠡᠯᠡ ᠪᠡᠨ ᠭᠠᠷᠭᠠᠵᠤ
ᠲᠣᠭᠯᠠᠵᠤ ᠶᠠᠪᠤᠭᠰᠠᠨ ᠠᠯᠢᠶ᠎ᠠ ᠬᠦᠦ ᠪᠡᠨ ᠥᠷᠦᠰᠢᠶᠡᠵᠦ ᠬᠠᠢᠷᠠᠯᠠ
ᠬᠥᠮᠦᠨ ᠦ ᠠᠯᠠᠭ ᠦᠷ᠎ᠡ ᠲᠡᠢ ᠮᠦᠴᠡᠭᠡᠷᠬᠡᠨ
ᠬᠡᠦᠬᠡᠳ ᠨᠠᠰᠤ ᠪᠠᠨ ᠬᠥᠳᠡᠭᠡ ᠣᠷᠬᠢᠭᠰᠠᠨ ᠬᠢᠷᠢ ᠨᠢ
ᠵᠢᠷᠤᠭ ᠰᠢᠭ ᠬᠡᠦᠬᠡᠨ ᠳᠦ ᠨᠢᠳᠦ ᠬᠠᠶᠠᠨ ᠱᠤᠬᠤᠭᠤᠷᠬᠠᠳᠠᠭ
ᠵᠤᠯᠠ ᠲᠠᠯᠳᠢᠷᠠᠨᠠᠮ ᠨᠠᠰᠤ ᠶᠢ ᠮᠢᠨᠢ ᠥᠷᠦᠰᠢᠶᠡᠵᠦ ᠬᠠᠢᠷᠠᠯᠠ
ᠰᠠᠷᠠ ᠨᠢ ᠣᠳᠤᠳ ᠢᠶᠠᠨ ᠮᠠᠨᠠᠵᠤ ᠬᠡᠭᠡᠷᠡᠯᠡᠬᠦ ᠰᠥᠨᠢ
ᠰᠠᠨᠴᠢᠭ ᠲᠤ ᠨᠢ ᠬᠢᠷᠠᠭᠤ ᠪᠠᠭᠤᠭᠰᠠᠨ ᠡᠵᠢ ᠪᠡᠨ ᠵᠡᠭᠦᠳᠦᠯᠡᠨ᠎ᠡ
ᠰᠠᠢᠷ ᠦᠭᠡᠢ ᠨᠢᠴᠦᠭᠦᠨ ᠬᠥᠯ ᠢᠶᠡᠷ ᠢᠶᠡᠨ ᠳᠡᠯᠡᠬᠡᠢ ᠶᠢ ᠲᠡᠮᠲᠡᠴᠢᠨ ᠪᠠᠢᠵᠤ ᠪᠣᠢᠵᠢᠭᠰᠠᠨ
ᠰᠠᠯᠬᠢ ᠰᠢᠭ ᠨᠢᠰᠦᠨ ᠬᠤᠢᠯᠠᠷᠠᠬᠤ ᠪᠣᠳᠤᠯ ᠢᠶᠠᠷ ᠢᠶᠠᠨ ᠲᠠᠨ ᠢ ᠪᠠᠨ ᠦᠭᠡᠢᠯᠡᠨ᠎ᠡ
ᠥᠩᠭᠡᠲᠦ ᠣᠷᠴᠢᠯᠠᠩ ᠤᠨ ᠮᠥᠩᠬᠡ ᠪᠤᠰᠤ ᠠᠮᠢᠳᠤ ᠶᠢᠨ ᠵᠢᠮ᠎ᠡ ᠪᠡᠷ
ᠥᠭᠡᠳᠡ ᠦᠭᠡᠢ ᠬᠦᠦ ᠴᠢᠨᠢ ᠲᠠᠨ ᠳᠤ ᠪᠠᠨ ᠨᠠᠰᠤᠨ ᠬᠤᠲᠤᠭ ᠭᠤᠶᠤᠨᠠᠮ
ᠦᠷᠭᠦᠭᠰᠡᠨ ᠬᠤᠨ ᠡᠷᠭᠢᠵᠦ ᠪᠠᠭᠤᠳᠠᠭ ᠰᠢᠭ ᠠᠮᠢᠳᠤᠷᠠᠯ ᠡᠯᠡᠭᠡᠭᠰᠡᠨ
ᠦᠷᠴᠢᠯᠡᠭᠡᠰᠦ ᠰᠠᠭᠤᠭᠰᠠᠨ ᠡᠵᠢ ᠳᠦ ᠪᠡᠨ ᠮᠡᠭᠵᠡᠮ ᠤᠩᠰᠢᠨᠠᠮ
ᠬᠤᠯᠠ ᠶᠠᠪᠤᠭᠰᠠᠨ ᠬᠦᠦ ᠶᠢᠨ ᠢᠶᠡᠨ ᠬᠣᠢᠨ᠎ᠠ ᠠᠴᠠ ᠰᠦ᠋ ᠡᠷᠭᠦᠨ ᠵᠠᠯᠪᠠᠷᠢᠳᠠᠭ
ᠬᠤᠷ᠎ᠠ ᠲᠠᠢ ᠵᠤᠨ ᠤ ᠲᠡᠷᠢᠭᠦᠨ ᠰᠠᠷ᠎ᠠ ᠰᠢᠭ ᠡᠵᠢ ᠮᠢᠨᠢ
ᠪᠣᠯᠳᠠᠭ ᠰᠠᠨ ᠪᠣᠯ ᠲᠠᠨ ᠳᠤ ᠪᠠᠨ
ᠴᠡᠴᠡᠭ ᠦᠨ ᠠᠯᠠᠭ ᠰᠢᠭᠦᠳᠡᠷᠢ ᠶᠢ ᠡᠷᠢᠬᠡ ᠪᠣᠯᠭᠠᠨ ᠥᠭᠴᠦ
ᠴᠡᠯᠮᠡᠭ ᠲᠡᠭᠷᠢ ᠶᠢᠨ ᠣᠳᠤ ᠰᠢᠭ ᠮᠠᠨᠢ ᠲᠣᠭᠠᠯᠠᠵᠤ ᠳᠠᠭᠠᠳᠭᠠᠬᠤ ᠶᠤᠮ ᠰᠠᠨ
ᠪᠣᠯᠳᠠᠭ ᠰᠠᠨ ᠪᠣᠯ ᠪᠢ ᠲᠠᠨ ᠳᠤ ᠪᠠᠨ
ᠤᠲᠤᠨ ᠬᠡ ᠲᠡᠢ ᠲᠡᠭᠷᠢ ᠶᠢ ᠳᠡᠪᠡᠯ ᠪᠣᠯᠭᠠᠨ ᠡᠰᠭᠡᠵᠦ
ᠤᠷᠤᠢ ᠥᠷᠯᠦᠭᠡ ᠶᠢᠨ ᠵᠢᠪᠠᠷ ᠲᠤ
ᠲᠠᠭᠠᠷᠠᠵᠤ ᠶᠠᠪᠤᠬᠤ ᠳᠤ ᠨᠢ ᠨᠥᠮᠦᠷᠦᠭᠦᠯᠬᠦ ᠰᠠᠨ
ᠪᠣᠯᠳᠠᠭ ᠰᠠᠨ ᠪᠣᠯ ᠪᠢ ᠲᠠᠨ ᠳᠤ ᠪᠠᠨ
ᠬᠡᠯᠡᠨ ᠦ ᠭᠬᠢᠷ ᠬᠦᠷᠦᠭᠡ ᠦᠭᠡᠢ ᠴᠡᠴᠡᠭ ᠰᠢᠭ᠌ ᠦᠭᠡᠰ ᠢᠶᠡᠷ ᠨᠠᠢᠷᠠᠭ ᠵᠠᠩᠭᠢᠳᠴᠤ
ᠬᠥᠬᠡ ᠲᠡᠭᠷᠢ ᠶᠢᠨ ᠣᠶᠤᠳᠠᠯ ᠢᠶᠠᠷ ᠰᠡᠳᠭᠢᠯ  ᠢᠶᠠᠨ ᠬᠥᠭᠯᠡᠵᠦ ᠥᠭᠬᠦ ᠶᠤᠮ ᠰᠠᠨ
ᠴᠢᠳᠦᠷ ᠪᠦᠰᠡᠯᠡᠨ ᠠᠢᠯ ᠳᠤ ᠣᠷᠤᠳᠠᠭ ᠦᠭᠡᠢ ᠭᠡᠷ ᠦᠨ ᠬᠣᠢᠮᠤᠷ ᠲᠤ
ᠴᠢᠭᠲᠠᠭ᠎ᠠ ᠬᠠᠷᠠᠨ ᠮᠥᠯᠬᠦᠵᠦ ᠥᠰᠦᠭᠰᠡᠨ ᠬᠦᠦ ᠴᠢᠨᠢ ᠪᠢ
ᠤᠨᠠᠭᠰᠠᠨ ᠨᠤᠲᠤᠭ ᠤᠨ ᠮᠠᠨᠢ ᠬᠤᠷ᠎ᠠ ᠬᠠᠩᠬᠤᠯᠤᠭᠰᠠᠨ ᠰᠦ᠋ ᠲᠡᠢ ᠴᠠᠢ ᠶᠢ
ᠤᠷᠭᠤᠬᠤ ᠨᠠᠷᠠᠨ ᠲᠠᠢ ᠤᠷᠤᠯᠳᠤᠵᠤ ᠣᠴᠢᠭᠠᠳ ᠠᠮᠰᠠᠬᠤ ᠶᠤᠮ ᠰᠠᠨ
ᠤᠬᠠᠭᠠᠨ ᠦᠭᠡᠢ ᠮᠠᠭᠤ ᠬᠦᠦ ᠪᠡᠨ ᠥᠰᠭᠡᠵᠦ ᠥᠨᠳᠡᠢᠯᠭᠡᠭᠰᠡᠨ ᠡᠵᠢ ᠳᠦ ᠪᠡᠨ
ᠠᠭᠤᠯᠠᠨ ᠤ ᠰᠢᠭᠦᠳᠡᠷᠢ ᠡᠴᠡ ᠤᠷᠢᠲᠠᠵᠤ ᠣᠴᠢᠭᠠᠳ ᠵᠣᠯᠭᠠᠬᠤ ᠶᠤᠮ ᠰᠠᠨ
ᠨᠠᠮᠤᠷ ᠨᠠᠮᠤᠷ ᠤᠨ ᠰᠢᠪᠠᠭᠤᠳ ᠪᠤᠴᠠᠬᠤ ᠪᠣᠯᠭᠠᠨ ᠳᠤ
ᠨᠠᠰᠤᠲᠠᠢ ᠪᠤᠭᠤᠷᠤᠯ ᠡᠵᠢ ᠪᠡᠨ ᠰᠡᠳᠭᠢᠯ ᠬᠠᠢᠯᠤᠨ ᠦᠭᠡᠢᠯᠡᠨᠡᠮ
ᠨᠠᠰᠤ ᠨᠠᠰᠤᠨ ᠤ ᠵᠠᠯᠠᠭᠤ ᠭᠢᠯᠠᠰᠬᠤ ᠲᠤᠰᠤᠮ
ᠨᠠᠮᠬᠠᠨ ᠪᠣᠷᠤ ᠡᠵᠢ ᠪᠡᠨ ᠵᠡᠭᠦᠳᠦ ᠡᠷᠭᠢᠭᠦᠯᠦᠨ ᠳᠤᠷᠠᠰᠤᠨᠠᠮ
ᠠᠭᠠᠷ ᠰᠡᠩᠭᠢᠨᠡᠭᠰᠡᠨ ᠲᠠᠯ᠎ᠠ  ᠶᠢᠨ ᠲᠡᠷᠭᠡᠯ ᠰᠠᠷᠠ ᠮᠡᠯᠲᠡᠢᠬᠦ ᠳᠦ
ᠠᠷᠭᠠᠯ ᠦᠨᠦᠷᠲᠦᠭᠰᠡᠨ ᠡᠵᠢ ᠪᠡᠨ ᠪᠢ ᠵᠡᠭᠦᠳᠦᠯᠡᠨ᠎ᠡ
ᠠᠢᠯ ᠤᠨ ᠬᠣᠭᠤᠷᠤᠨᠳᠤ ᠲᠤᠭᠤᠰᠤᠲᠠᠢ ᠵᠠᠮ  ᠢᠶᠡᠨ ᠲᠤᠩᠭᠤᠴᠢᠨ ᠪᠠᠢᠵᠤ ᠥᠰᠦᠭᠰᠡᠨ
ᠠᠯᠢᠶ᠎ᠠ ᠨᠠᠰᠤᠨ ᠤ ᠲᠣᠮᠤᠭ᠎ᠠ ᠦᠭᠡᠢ ᠪᠣᠳᠤᠯ ᠢᠶᠠᠷ ᠦᠭᠡᠢᠯᠡᠨ᠎ᠡ
ᠠᠷᠤᠭ ᠪᠠᠭᠤᠴᠢᠯᠠᠭᠰᠡᠨ ᠨᠢᠷᠤᠭᠤᠨ ᠳᠤ ᠨᠢ ᠲᠠᠩᠳᠠ ᠡᠭᠦᠷᠦᠭᠦᠯᠳᠡᠭ ᠢᠶᠡᠨ ᠰᠠᠨᠠᠭᠠᠳ
ᠠᠷᠪᠠᠨ ᠲᠠᠪᠤᠨ ᠤ ᠰᠥᠨᠢ ᠵᠤᠯᠠ ᠮᠦᠩᠬᠡᠵᠢᠭᠦᠯᠵᠦ ᠬᠤᠨᠤᠨᠠᠮ
ᠠᠮᠢᠳᠤᠷᠠᠯ ᠬᠠᠢᠷ᠎ᠠ ᠶᠢᠨ ᠬᠠᠯᠠᠭᠤᠨ ᠪᠤᠶᠠᠨ ᠳᠤ ᠵᠥᠩᠳᠡᠭᠡᠨ ᠨᠢᠯᠬᠠᠷᠠᠳᠠᠭ ᠢᠶᠠᠨ ᠪᠤᠳᠤᠭᠠᠳ
ᠠᠮᠢᠳᠤ ᠶᠢᠨ ᠪᠤᠷᠬᠠᠨ ᠳᠤ ᠪᠠᠨ ᠡᠷᠢᠬᠡ ᠢᠮᠡᠷᠦᠨ ᠵᠠᠯᠪᠠᠷᠢᠨᠠᠮ

ᠮᠤᠩᠭᠤᠯ ᠰᠤᠶᠤᠯ ᠤᠨ ᠰᠦᠯᠵᠢᠶ᠎ᠡ ᠡᠴᠡ ᠠᠪᠤᠪᠠ

 
 
Posted in ᠤᠷᠠᠨ ᠵᠤᠬᠢᠶᠠᠯ |作品赏析 and tagged .