ᠤᠯᠠᠨ ᠰᠠᠯᠠᠭ᠎ᠠ ᠮᠦᠴᠢᠷ ᠳ᠋ᠢ ᠳ᠋ᠢ ᠺᠤᠮᠫᠠᠨᠢ ᠳ᠋ᠥ ᠤᠷᠤᠵᠤ ᠰᠠᠭᠤᠪᠠ 多部门进驻滴滴公司

ᠤᠯᠠᠨ ᠰᠠᠯᠠᠭ᠎ᠠ ᠮᠦᠴᠢᠷ ᠠᠮᠤᠷ ᠲᠦᠪᠰᠢᠨ ᠦ ᠲᠤᠰᠬᠠᠢ ᠪᠠᠢᠴᠠᠭᠠᠯᠳᠠ ᠦᠷᠨᠢᠬᠥᠯᠬᠥ ᠪᠡᠷ ᠳ᠋ᠢ ᠳ᠋ᠢ ᠺᠤᠮᠫᠠᠨᠢ ᠳ᠋ᠥ ᠤᠷᠤᠵᠤ ᠰᠠᠭᠤᠪᠠ

ᠣᠢᠷ᠎ᠠ ᠳᠤ᠂ ᠵᠠᠮ ᠲᠡᠭᠡᠭᠡᠪᠤᠷᠢ ᠵᠢᠨ ᠰᠢᠨ᠎ᠠ ᠡᠵᠡᠩᠨᠡᠯᠳᠡ ᠵᠢᠨ ᠭᠡᠯᠪᠡᠷᠢ ᠪᠠᠢᠳᠠᠯ ᠤᠨ ᠬᠢᠨᠠᠨ ᠬᠠᠮᠢᠶᠠᠷᠬᠤ ᠰᠠᠯᠠᠭ᠎ᠠ ᠮᠦᠴᠢᠷ ᠲᠡᠢ ᠬᠠᠮᠵᠢᠯᠴᠠᠬᠤ ᠶᠠᠮᠤᠨ  ᠤ ᠬᠤᠭᠤᠷᠤᠨᠳᠤᠬᠢ ᠬᠤᠯᠪᠤᠭᠠᠳᠤ ᠬᠤᠷᠠᠯ ᠡᠴᠠ ᠲᠤᠭᠳᠠᠭᠠᠯ ᠭᠠᠷᠭᠠᠵᠤ ᠨᠢᠭᠡᠳᠤᠯᠳᠠᠢ ᠪᠠᠢᠷᠢᠯᠠᠭᠤᠯᠤᠭᠠᠳ᠂ ᠰᠦᠯᠵᠢᠶᠡᠨ ᠲᠡᠭᠡᠷ᠎ᠡ ᠲᠡᠷᠭᠡ ᠪᠤᠯᠵᠤᠬᠤ ᠂ ᠵᠠᠮ ᠲᠠᠭᠠᠷᠠᠬᠤ ᠲᠡᠷᠭᠡ ᠶᠢᠨ ᠲᠡᠪᠴᠡᠩ ᠦᠨ ᠺᠤᠮᠫᠠᠨᠢ ᠳ᠋ᠥ ᠴᠢᠭᠯᠡᠬᠥᠯᠦᠭᠰᠡᠨ ᠠᠮᠤᠷ ᠲᠦᠪᠰᠢᠨ ᠦ ᠲᠤᠰᠬᠠᠢ ᠪᠠᠢᠴᠠᠭᠠᠯᠳᠠ ᠬᠢᠬᠥ ᠠᠵᠢᠯ ᠢ ᠵᠢᠩᠬᠢᠨᠢ ᠪᠡᠷ ᠡᠬᠢᠯᠡᠬᠥᠯᠪᠠ ᠃
  ᠰᠢᠨ᠎ᠠ ᠡᠵᠡᠩᠨᠡᠯᠳᠡ ᠵᠢᠨ ᠬᠡᠯᠪᠡᠷᠢ ᠪᠠᠢᠳᠠᠯ ᠨᠢ ᠠᠷᠠᠳ ᠤᠯᠠᠨ ᠤ ᠶᠠᠪᠤᠵᠤ ᠰᠠᠭᠤᠬᠤ ᠳ᠋ᠥ ᠲᠦᠬᠥᠮ ᠨᠦᠬᠦᠴᠡᠯ ᠬᠠᠩᠭᠠᠵᠠᠢ ᠂ ᠭᠡᠪᠡᠴᠤ ᠪᠠᠰᠠ ᠤᠯᠠᠩᠬᠢ ᠵᠢᠯᠤᠭᠤᠴᠢ ᠪᠠ ᠲᠡᠷᠭᠡ ᠬᠥᠰᠭᠡ ᠨᠢ ᠲᠤᠭᠳᠠᠭᠠᠯ ᠳ᠋ᠥ ᠨᠡᠢᠴᠡᠬᠥ  ᠦᠭᠡᠢ ᠂ ᠲᠤᠭ᠎ᠠ ᠪᠠᠷᠢᠮᠳᠠ ᠵᠢ ᠦᠨᠡᠨ ᠮᠦᠨ ᠵᠢᠡᠷ ᠨᠢ ᠲᠡᠮᠵᠢᠭᠤᠯᠬᠤ ᠦᠭᠡᠢ ᠂ ᠬᠡᠷᠡᠭᠯᠡᠭᠴᠢ ᠪᠠ ᠵᠢᠯᠤᠭᠤᠴᠢ ᠵᠢᠨ ᠡᠷᠭᠡ ᠠᠰᠢᠭ ᠲᠣ ᠬᠠᠯᠳᠠᠬᠤ ᠵᠡᠷᠭᠡ ᠠᠰᠠᠭᠤᠳᠠᠯ ᠤᠷᠤᠰᠢᠵᠤ ᠪᠠᠢᠨ᠎ᠠ ᠃ ᠡᠬᠥᠨ ᠦ ᠲᠤᠯᠠᠳᠠ ᠂ ᠵᠠᠰᠠᠭ ᠤᠨ ᠤᠷᠳᠤᠨ ᠤ ᠰᠠᠯᠠᠭ᠎ᠠ ᠮᠦᠴᠢᠷ ᠡᠴᠠ ᠲᠡᠪᠴᠡᠩ ᠦᠨ ᠺᠤᠮᠫᠠᠨᠢ ᠲᠠᠢ ᠤᠯᠠᠨ ᠤᠳᠠᠭ᠎ᠠ ᠪᠤᠯᠵᠤᠨ ᠶᠠᠷᠢᠯᠴᠠᠭᠰᠠᠨ ᠪᠤᠯᠪᠠᠴᠤ ᠲᠡᠪᠴᠡᠩ ᠦᠨ ᠺᠤᠮᠫᠠᠨᠢ ᠨᠡᠢᠳᠡᠮ ᠳ᠋ᠡᠭᠡᠨ ᠠᠮᠠᠯᠠᠭᠰᠠᠨ ᠨᠢ ᠤᠯᠠᠨ ᠂ ᠴᠡᠭᠴᠡᠯᠡᠨ ᠦᠭᠡᠷᠡᠴᠢᠯᠡᠭᠰᠡᠨ ᠨᠢ ᠴᠦᠭᠡᠨ ᠪᠤᠯᠬᠤᠷ ᠬᠥᠨᠳᠤ ᠶᠡᠭᠡ ᠠᠮᠤᠷ ᠲᠦᠪᠰᠢᠨ ᠤ ᠲᠠᠯᠳᠠ ᠭᠡᠮ ᠤᠷᠤᠰᠢᠭᠰᠠᠭᠠᠷ ᠢᠷᠡᠵᠠᠢ ᠂ ᠢᠯᠠᠩᠭᠤᠶ᠎ᠠ ᠦᠢᠷ᠎ᠠ ᠵᠢᠨ ᠭᠤᠷᠪᠠᠨ ᠰᠠᠷ᠎ᠠ ᠵᠢᠨ ᠲᠤᠳᠤᠷ᠎ᠠ ᠂ ᠾᠧᠨᠠᠨ ᠤ ᠵᠧᠩᠵᠧᠤ ᠂ ᠵᠧᠵᠢᠶᠠᠩ ᠤᠨ ᠶᠤᠧᠠᠢ ᠴᠢᠩ ᠳ᠋ᠥ ᠳ᠋ᠢ ᠳ᠋ᠢ ᠲᠡᠪᠴᠡᠩ ᠦᠨ ᠵᠠᠮ ᠲᠠᠭᠠᠷᠠᠬᠤ ᠲᠡᠷᠭᠡᠨ ᠳ᠋ᠥ ᠰᠠᠭᠤᠭᠰᠠᠨ ᠠᠶᠠᠨᠴᠢᠨ ᠬᠤᠤᠷᠯᠠᠭᠳᠠᠭᠰᠠᠨ ᠬᠡᠷᠡᠭ ᠵᠠᠯᠭᠠᠭ᠎ᠠ ᠪᠠᠷ ᠡᠬᠥᠰᠴᠤ ᠂ ᠨᠡᠢᠭᠡᠮ ᠦᠨ ᠡᠯ᠎ᠠ ᠡᠳᠡᠭᠡᠳ ᠤᠨ ᠠᠩᠬᠠᠷᠤᠯ ᠢ ᠶᠡᠭᠡ  ᠪᠡᠷ ᠲᠠᠳᠠᠭᠰᠠᠨ ᠪᠠᠢᠨ᠎ᠠ ᠃
   ᠢᠷᠡᠯᠳᠡ᠄ᠦᠪᠦᠷ ᠮᠣᠩᠭᠣᠯ ᠤᠨ ᠭᠢᠶᠠᠨ ᠰᠦᠯᠵᠢᠶ᠎ᠡ《ᠠᠷᠠᠳ ᠤᠨ ᠡᠳᠤᠷ ᠤᠨ ᠰᠤᠨᠢᠨ ᠮᠠᠳᠡᠭᠡ ᠶᠢᠨ ᠰᠦᠯᠵᠢᠶ᠎ᠠ 》ᠡᠴᠡ ᠰᠢᠯᠵᠢᠬᠦᠯᠤᠨ ᠪᠠᠭᠤᠯᠭᠠᠪᠠ᠃

 

多部门进驻滴滴展开安全专项检查

近日,经交通运输新业态协同监管部际联席会议决定并统一部署,针对网约车、顺风车平台公司的安全专项检查工作正式启动。
  新业态在给百姓出行带来新体验的同时,也存在绝大多数驾驶员和车辆不合规、数据传输不实,以及侵害消费者、驾驶人员权益等问题。为此,政府部门多次约谈平台公司,但整体上平台公司承诺多、整改少,存在重大的安全隐患,特别是近三个月来,河南郑州、浙江乐清相继发生乘客乘坐滴滴顺风车遇害案件,社会各界广泛关注。
    来源:内蒙古启言网摘自《人民日报》

Posted in ᠲᠠᠨ ᠤ ᠠᠩᠬᠠᠷᠤᠯ ᠳ᠋ᠤ|热点信息.