ᠦᠪᠦᠷ ᠮᠤᠩᠭᠤᠯ ᠤᠨ ᠠᠩᠬᠠᠨ ᠤ ᠰᠤᠮᠤᠨ ᠭᠠᠯᠲᠤ ᠶᠢᠨ ᠲᠡᠮᠦᠷ ᠵᠠᠮ ᠢ 内蒙古首条高铁全线铺轨贯通

ᠦᠪᠦᠷ ᠮᠤᠩᠭᠤᠯ ᠤᠨ ᠠᠩᠬᠠᠨ ᠤ ᠰᠤᠮᠤᠨ ᠭᠠᠯᠲᠤ ᠶᠢᠨ ᠲᠡᠮᠦᠷ ᠵᠠᠮ ᠢ ᠳᠡᠪᠢᠰᠴᠦ ᠳᠠᠭᠤᠰᠪᠠ

ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠠᠩᠬᠠᠨ ᠤ ᠰᠤᠮᠤᠨ ᠭᠠᠯᠲᠤ ᠶᠢᠨ ᠲᠡᠮᠦᠷ ᠵᠠᠮ ᠪᠤᠯᠬᠤ ᠴᠢᠭᠤᠯᠤᠯᠲᠤ ᠬᠠᠭᠠᠯᠭ᠎ᠠ -- ᠬᠦᠬᠡᠬᠤᠲᠠ ᠴᠢᠭᠯᠡᠯ ᠤᠨ ᠲᠡᠮᠦᠷ ᠵᠠᠮ ᠤᠨ ᠴᠠᠷᠬᠢ ᠳᠡᠪᠢᠰᠬᠦ ᠠᠵᠢᠯ 31 ᠤ ᠡᠳᠦᠷ ᠠᠮᠵᠢᠯᠲᠠ ᠲᠠᠢ ᠳᠠᠭᠤᠰᠴᠠᠢ᠃

ᠰᠤᠷᠪᠤᠯᠵᠢᠯᠠᠬᠴᠢ ᠳᠤᠮᠳᠠᠳᠤ ᠤᠯᠤᠰ ᠤᠨ ᠲᠡᠮᠦᠷ ᠵᠠᠮ ᠤᠨ ᠶᠡᠷᠦᠩᠬᠡᠢ ᠺᠤᠮᠫᠠᠨᠢ ᠶᠢᠨ ᠬᠦᠬᠡᠬᠤᠲᠠ ᠲᠤᠪᠴᠢᠶᠠᠨ ᠤ ᠪᠦᠯᠦᠭᠯᠡᠯ ᠬᠢᠵᠠᠭᠠᠷᠲᠤ ᠺᠤᠮᠫᠠᠨᠢ ᠡᠴᠡ ᠤᠶᠢᠯᠠᠭᠠᠬᠰᠠᠨ ᠢᠶᠡᠷ᠂ ᠴᠠᠷᠬᠢ ᠳᠡᠪᠢᠰᠬᠦ ᠠᠵᠢᠯ ᠢ ᠠᠶᠤᠯᠭᠦᠢ ᠡᠮᠬᠢ ᠵᠢᠷᠤᠮ ᠲᠠᠢ ᠠᠬᠢᠭᠤᠯᠬᠤ ᠶᠢᠨ ᠲᠤᠰᠠᠲᠠ ᠴᠠᠷᠬᠢ ᠳᠡᠪᠢᠰᠬᠦ ᠠᠵᠢᠯ ᠢ ᠬᠠᠷᠢᠭᠤᠴᠠᠵᠦ ᠪᠦᠬᠦᠢ ᠪᠠᠶᠢᠭᠤᠯᠤᠯᠭ᠎ᠠ ᠪᠠ ᠠᠵᠢᠯᠲᠠᠳ ᠡᠳᠦᠷ ᠰᠦᠨᠢ ᠶᠢᠨ ᠳᠤᠯᠠᠭᠠᠨ ᠤ ᠵᠦᠷᠢᠶ᠎ᠡ ᠶᠡᠬᠡ᠂ ᠲᠸᠭ᠍ᠨᠤᠯᠤᠬᠢ ᠪᠠ ᠪᠠᠷᠢᠮᠵᠢᠶᠠᠨ ᠤ ᠱᠠᠭᠠᠷᠳᠠᠯᠭ᠎ᠠ ᠦᠨᠳᠦᠷ ᠵᠡᠷᠭᠡ ᠬᠦᠴᠢᠷ ᠢ ᠲᠡᠪᠴᠢᠨ᠂ ᠤᠳᠤ ᠶᠢᠨ ᠬᠠᠮᠤᠬ ᠤᠨ ᠲᠡᠷᠢᠭᠦᠨ ᠤ CPG-500 ᠬᠡᠯᠪᠡᠷᠢ ᠶᠢᠨ ᠴᠠᠷᠬᠢ ᠳᠡᠪᠢᠰᠬᠦ ᠮᠠᠰᠢᠨ ᠢ ᠬᠡᠷᠡᠭᠯᠡᠵᠦ᠂ ᠪᠠᠬᠴᠠᠯᠠᠨ ᠳᠡᠪᠢᠰᠬᠦ ᠠᠷᠭ᠎ᠠ ᠪᠡᠷ ᠳᠡᠪᠢᠰᠦᠭᠰᠡᠨ ᠡᠴᠡ ᠳᠡᠷ᠎ᠠ ᠲᠠᠯᠪᠢᠬᠤ ᠪᠠ ᠤᠷᠳᠤ ᠪᠤᠯᠤᠳ ᠵᠢᠮ ᠳᠡᠪᠢᠰᠬᠦ ᠵᠢ ᠵᠡᠷᠭᠡ ᠳᠤᠨᠢ ᠪᠡᠶᠡᠯᠡᠭᠦᠯᠵᠡᠢ᠃

ᠴᠢᠭᠤᠯᠤᠯᠲᠤ ᠬᠠᠭᠠᠯᠭ᠎ᠠ -- ᠬᠦᠬᠡᠬᠤᠲᠠ ᠴᠢᠭᠯᠡᠯ ᠤᠨ ᠰᠤᠮᠤᠨ ᠭᠠᠯᠲᠤ ᠶᠢᠨ ᠲᠡᠮᠦᠷ ᠵᠠᠮ ᠶᠢᠨ ᠪᠦᠬᠦ ᠤᠷᠲᠤ ᠨᠢ 286.8 ᠺᠢᠯᠤᠮᠸᠲ᠋ᠷ᠂ ᠦᠪᠦᠷ ᠮᠤᠩᠭᠤᠯ ᠤᠨ ᠬᠦᠬᠡᠬᠤᠲᠠ᠂ ᠤᠯᠠᠭᠠᠨᠴᠠᠪ ᠬᠤᠲᠠ ᠪᠤᠯᠤᠨ ᠾᠸᠪᠸᠢ ᠮᠤᠵᠢ ᠶᠢᠨ ᠴᠢᠭᠤᠯᠤᠯᠲᠤ ᠬᠠᠭᠠᠯᠭ᠎ᠠ ᠬᠤᠲᠠ ᠵᠢ ᠬᠤᠯᠪᠤᠵᠦ᠂ ᠴᠠᠬ ᠪᠦᠷᠢ 250 ᠺᠢᠯᠤᠮᠸᠲ᠋ᠷ ᠤᠨ ᠬᠤᠷᠳᠤᠴᠠ ᠲᠠᠢ᠃ ᠡᠭᠦᠨ ᠳᠤ ᠬᠦᠬᠡᠬᠤᠲᠠ ᠶᠢᠨ ᠵᠡᠭᠦᠨ ᠦᠷᠲᠡᠭᠡ ᠪᠤᠯᠤᠨ ᠤᠯᠠᠭᠠᠨᠴᠠᠪ ᠬᠤᠭᠤᠷᠤᠨᠳᠤ ᠶᠢᠨ ᠲᠡᠮᠦᠷ ᠵᠠᠮ ᠢ 2017 ᠤᠨ ᠤ 8 ᠰᠠᠷ᠎ᠠ ᠶᠢᠨ 3 ᠤ ᠡᠳᠦᠷ ᠨᠢᠭᠡᠨᠲᠡ ᠠᠰᠢᠬᠯᠠᠯᠲᠠ ᠳᠤ ᠤᠷᠤᠭᠤᠯᠵᠠᠢ᠃ ᠢᠷᠡᠭᠡᠳᠦᠢ ᠳᠤ ᠴᠢᠭᠤᠯᠤᠯᠲᠤ ᠬᠠᠭᠠᠯᠭ᠎ᠠ -- ᠬᠦᠬᠡᠬᠤᠲᠠ ᠴᠢᠭᠯᠡᠯ ᠤᠨ ᠰᠤᠮᠤᠨ ᠭᠠᠯᠲᠤ ᠶᠢᠨ ᠲᠡᠮᠦᠷ ᠵᠠᠮ ᠨᠢ ᠤᠳᠤ ᠪᠠᠶᠢᠭᠤᠯᠵᠦ ᠪᠤᠢ ᠪᠡᠭᠡᠵᠢᠩ -- ᠴᠢᠭᠤᠯᠤᠯᠲᠤ ᠬᠠᠭᠠᠯᠭ᠎ᠠ ᠴᠢᠭᠯᠡᠯ ᠤᠨ ᠰᠤᠮᠤᠨ ᠭᠠᠯᠲᠤ ᠶᠢᠨ ᠲᠡᠮᠦᠷ ᠵᠠᠮ ᠲᠠᠢ ᠵᠡᠷᠭᠡᠪᠡᠷ ᠠᠰᠢᠬᠯᠠᠯᠲᠠ ᠳᠤ ᠤᠷᠤᠨ᠎ᠠ᠃ ᠲᠡᠷᠡ ᠦᠶᠡᠰ ᠬᠦᠬᠡᠬᠤᠲᠠ ᠡᠴᠡ ᠪᠡᠭᠡᠵᠢᠩ ᠬᠦᠷᠬᠦ ᠳᠤ ᠭᠤᠷᠪᠠᠬᠠᠨ ᠴᠠᠬ ᠬᠡᠷᠡᠭᠰᠡᠬᠦ ᠪᠤᠯᠤᠨ᠎ᠠ᠃

ᠢᠷᠡᠯᠳᠡ᠄ ᠰᠢᠨᠬᠤᠸᠠ ᠬᠤᠷᠢᠶ᠎ᠠ

内蒙古首条高铁全线铺轨贯通

内蒙古自治区首条高铁——张呼高铁铺设轨道施工31日顺利完成。

  
  记者从中国铁路呼和浩特局集团有限公司了解到,为安全有序推进铺轨工作,建设和施工单位克服昼夜温差大,工艺、标准要求高等实际困难,采用目前最先进的CPG-500型长轨铺轨机,以组摊铺法进行铺轨,实现轨枕布设和长轨推送同步进行。

  张呼高铁全长286.8公里,途经内蒙古呼和浩特市、乌兰察布市和河北省张家口市,设计时速250公里。其中,呼和浩特东至乌兰察布段已于2017年8月3日开通运营。未来,张呼高铁将与在建的京张高铁同步开通运营。届时,呼和浩特前往北京的旅行时间将由目前最快9小时,缩短到3小时以内。

Posted in ᠲᠠᠨ ᠤ ᠠᠩᠬᠠᠷᠤᠯ ᠳ᠋ᠤ|热点信息.