ᠬᠤᠨᠢᠨ ᠤ ᠠᠷᠠᠰᠦ ᠪᠠᠷ ᠬᠢᠭᠰᠡᠨ ᠪᠤᠤᠵᠠ羊皮包子

ᠬᠤᠨᠢᠨ ᠤ ᠠᠷᠠᠰᠦ ᠪᠠᠷ ᠬᠢᠭᠰᠡᠨ ᠪᠤᠤᠵᠠ

ᠰᠢᠯᠢ ᠶᠢᠨ ᠭᠤᠤᠯ ᠠᠢᠮᠠᠭ ᠤᠨ ᠰᠦᠨᠢᠳ ᠵᠡᠭᠦᠨ ᠬᠤᠰᠢᠭᠤᠨ ᠤ ᠬᠤᠩᠭᠤᠷ ᠰᠤᠮᠤᠨ ᠤ ᠮᠠᠯᠴᠢᠨ ᠤᠯᠠᠭᠠᠨᠭᠡᠷᠡᠯ ᠪᠠᠭ᠎ᠠ ᠡᠴᠠ ᠪᠡᠨ ᠬᠤᠭᠤᠯᠨ ᠴᠠᠢ ᠬᠢᠬᠦ ᠳᠤᠷ᠎ᠠ ᠲᠠᠢ ᠶᠡᠭᠤᠮᠠᠨ ᠳ᠋ᠦ ᠡᠪ ᠲᠡᠮ ᠲᠡᠢ ᠠᠵᠢᠯᠰᠠᠭ ᠬᠦᠮᠦᠨ ᠪᠤᠯᠬᠤᠷ ᠬᠤᠨᠢᠨ ᠤ ᠠᠷᠠᠰᠦᠨ ᠪᠤᠤᠵᠠ ᠵᠡᠷᠭᠡ ᠢᠳᠡᠭᠡᠨ ᠢ ᠴᠦ ᠰᠠᠢᠬᠠᠨ ᠬᠢᠵᠠᠢ᠃ ᠠᠷᠠᠰᠤᠨ ᠪᠤᠤᠵᠠ ᠬᠢᠵᠦ ᠪᠠᠢᠭ᠎ᠠ ᠪᠠᠢᠳᠠᠯ ᠢ ᠨᠢ ᠤᠢᠯᠠᠭᠠᠬᠤ ᠳ᠋ᠦ ᠲᠡᠷᠠ᠄ 《 ᠪᠢ ᠦᠦᠷ ᠢᠶᠡᠷ ᠪᠤᠰᠴᠦ ᠬᠤᠨᠢᠨ ᠠᠷᠠᠰᠤᠨ ᠤ ᠢᠶᠠᠨ ᠦᠰᠦ ᠤᠩᠭᠠᠰᠦ ᠶᠢ ᠬᠠᠢᠴᠢᠯᠠᠵᠦ᠂ ᠬᠤᠢᠬᠠᠯᠠᠭᠰᠡᠨ ᠦ ᠲᠠᠷᠠᠭ᠎ᠠ ᠤᠬᠢᠶᠠᠵᠦ ᠴᠡᠪᠡᠷᠯᠡᠭᠡᠳ᠂ ᠮᠢᠬᠠᠨ ᠰᠢᠶᠠᠨᠰᠠ ᠪᠠᠨ ᠪᠡᠯᠡᠳᠴᠦ᠂ ᠪᠤᠤᠵᠠ ᠪᠠᠨ ᠤᠶᠤᠨ᠎ᠠ᠃ ᠨᠤᠢᠲᠠᠨ ᠠᠷᠠᠰᠦ ᠶᠢ ᠤᠶᠤᠬᠤ ᠳ᠋ᠦ ᠭᠡᠴᠡᠭᠦᠦ᠂ ᠬᠠᠯᠲᠤᠷᠢᠭᠠᠳ ᠭᠠᠷ ᠴᠤᠭᠤᠯᠬᠤ ᠭᠡᠳ ᠪᠠᠢᠳᠠᠭ᠃ ᠪᠦᠳᠦᠭᠦᠨ ᠬᠤᠨᠢᠨ ᠤ ᠠᠷᠠᠰᠤ ᠪᠤᠯ ᠬᠤᠷᠢᠭᠠᠳ ᠪᠤᠤᠵᠠ ᠭᠠᠷᠤᠨ᠎ᠠ᠂ ᠪᠠᠭ᠎ᠠ ᠨᠢ ᠠᠷᠠᠢ ᠴᠦᠭᠡᠡ ᠭᠠᠷᠳᠠᠭ᠃ ᠪᠤᠤᠵᠠ ᠪᠠᠨ ᠪᠤᠭᠤᠭᠰᠡᠨ ᠤ ᠲᠠᠷᠠᠭ᠎ᠠ ᠭᠠᠯ ᠢᠶᠠᠨ ᠲᠡᠩᠴᠡᠭᠦᠯᠵᠦ᠂ ᠴᠢᠨᠠᠵᠦ ᠪᠤᠯᠭᠤᠬᠤ ᠪᠠᠰᠠ ᠠᠵᠦ ᠤᠷᠤᠨ᠎ᠠ 》 ᠭᠡᠵᠦ ᠶᠠᠷᠢᠭᠰᠡᠨ ᠢᠶᠠᠨ ᠵᠠᠯᠭᠠᠭᠠᠳ᠄ 《 ᠶᠡᠷᠦᠨᠢ ᠮᠠᠯ ᠤᠨ ᠠᠷᠠᠰᠦ᠂ ᠭᠡᠳᠡᠰᠦ ᠳᠤᠲᠤᠷ᠂ ᠲᠤᠯᠤᠭᠠᠢ ᠰᠢᠬᠢᠷ᠎ᠠ ᠭᠡᠵᠦ ᠪᠦᠷ ᠠᠮᠳᠠ ᠰᠠᠢᠳᠠᠢ᠂ ᠰᠢᠮ᠎ᠠ ᠲᠡᠵᠢᠭᠡᠯ ᠪᠦᠷᠢᠨ ᠢᠳᠡᠭᠡᠨ᠃ ᠪᠢ ᠡᠢᠮᠦ ᠰᠠᠢᠬᠠᠨ ᠢᠳᠡᠭᠡᠨ ᠢᠶᠡᠨ ᠤᠯᠠᠮᠵᠢᠯᠠᠯᠳᠦ ᠠᠷᠭ᠎ᠠ ᠪᠠᠷ ᠬᠢᠵᠦ᠂ ᠠᠮᠳᠠᠲᠦ ᠮᠤᠩᠭᠤᠯ ᠢᠳᠡᠭᠡᠨ ᠢᠶᠡᠨ ᠨᠡᠩ ᠤᠯᠠᠨ ᠬᠦᠮᠦᠨ ᠳ᠋ᠦ ᠮᠡᠳᠡᠭᠦᠯᠵᠦ ᠲᠠᠨᠢᠭᠤᠯᠤᠶ᠎ᠠ ᠯᠠ ᠭᠡᠬᠦ ᠵᠤᠷᠢᠯᠭ᠎ᠠ ᠪᠠᠷ ᠬᠢᠵᠦ ᠢᠷᠡᠭᠰᠡᠨ ᠶᠤᠮ 》 ᠭᠡᠵᠦ ᠤᠴᠢᠷ ᠢᠶᠠᠨ ᠶᠠᠷᠢᠯ᠎ᠠ᠃
   ᠤᠯᠠᠭᠠᠨᠭᠡᠷᠡᠯ᠄《 ᠤᠳᠤ ᠮᠢᠨᠤ ᠡᠳᠡᠭᠡᠷ ᠪᠦᠲᠦᠭᠡᠭᠳᠡᠭᠦᠨ ᠰᠢᠯᠢ ᠶᠢᠨ ᠬᠤᠳᠠ ᠪᠠ ᠠᠢᠮᠠᠭ ᠤᠨ ᠳᠤᠲᠤᠷᠠᠬᠢ ᠡᠯ᠎ᠠ ᠬᠤᠰᠢᠭᠤᠨ ᠳ᠋ᠦ ᠪᠤᠷᠤᠯᠠᠭᠤᠯᠤᠭᠳᠠᠵᠦ ᠪᠠᠢᠬᠤ ᠪᠠᠷ ᠪᠠᠷᠠᠬᠤ ᠦᠭᠡᠢ᠂ ᠠᠯᠠᠱᠠ ᠠᠢᠮᠠᠭ᠂ ᠤᠯᠠᠭᠠᠨᠬᠠᠳᠠ ᠬᠤᠳᠠ᠂ ᠬᠦᠯᠦᠨ ᠪᠤᠢᠷ ᠬᠤᠳᠠ ᠳ᠋ᠦ ᠪᠠᠰᠠ ᠵᠠᠬᠢᠶᠠᠯᠠᠭ᠎ᠠ ᠪᠠᠷ ᠭᠠᠷᠴᠦ ᠪᠠᠢᠨ᠎ᠠ᠃ ᠰᠢᠯᠢᠩᠬᠤᠳᠠ᠂ ᠪᠠᠷᠠᠭᠤᠨ ᠦᠵᠦᠮᠦᠴᠢᠨ ᠬᠤᠰᠢᠭᠤ᠂ ᠪᠠᠶᠠᠨᠨᠠᠭᠤᠷ ᠬᠤᠳᠠ ᠪᠤᠯᠤᠨ ᠤᠯᠠᠭᠠᠨᠬᠠᠳᠠ ᠶᠢᠨ ᠬᠡᠰᠢᠭᠲᠡᠨ ᠬᠤᠰᠢᠭᠤ ᠵᠡᠷᠭᠡ ᠭᠠᠵᠠᠷ ᠡᠴᠠ ᠤᠷᠢᠳ ᠬᠤᠵᠢᠳ ᠠᠷᠪᠠᠭᠠᠳ ᠱᠠᠪᠢ ᠢᠷᠡᠵᠦ ᠮᠡᠷᠭᠡᠵᠢᠯ ᠰᠤᠷᠤᠭᠠᠳ ᠶᠠᠪᠤᠭᠰᠡᠨ 》 ᠭᠡᠵᠦ ᠪᠠᠢᠳᠠᠯ ᠢᠶᠠᠨ ᠲᠠᠨᠢᠯᠴᠠᠭᠤᠯᠤᠯ᠎ᠠ ᠃
   ᠢᠷᠡᠯᠳᠡ᠄ᠦᠪᠦᠷ ᠮᠣᠩᠭᠣᠯ ᠤᠨ ᠭᠢᠶᠠᠨ ᠰᠦᠯᠵᠢᠶ᠎ᠡ《ᠲᠤᠮᠳᠠᠳᠤ ᠤᠯᠤᠰ ᠤᠨ ᠮᠤᠩᠭᠤᠯ ᠬᠡᠯᠡᠡ ᠶᠢᠨ ᠰᠤᠨᠢᠠ ᠮᠠᠳᠡᠭᠡ ᠶᠢᠨ ᠰᠦᠯᠵᠢᠶ᠎ᠠ 》ᠡᠴᠡ ᠰᠢᠯᠵᠢᠬᠦᠯᠤᠨ ᠪᠠᠭᠤᠯᠭᠠᠪᠠ

 

羊皮包子

锡林郭勒盟苏尼特左旗红格尔苏木舒日昌图嘎查牧民乌兰格日乐,她将羊皮清洗、燎毛,再将其浸泡、清洗、刮肉之后展开,把肉馅包在里面缝制,在水里蒸熟,美味的羊皮包子就做成了。这种包子味道鲜美,深受消费者喜爱,除锡林浩特地区的部分饭店、个人订购外,还销往阿拉善盟、赤峰市、呼伦贝尔市。如今,乌兰格日乐的羊皮包子卖得很火,她还精深加工羊的五脏六腑,做成可口的蒙古族传统食物,提高了收入。
  来源:内蒙古启言网摘自《全媒体》

 
 
Posted in ᠲᠠᠨᠭᠰᠤᠭ ᠢᠳᠡᠭᠡᠨ |舌尖美味 and tagged .