ᠥᠪᠥᠷ ᠮᠣᠩᠭᠣᠯ ᠤᠨ ᠶᠡᠬᠡᠩᠭᠢ ᠭᠠᠵᠠᠷ ᠭᠠᠩᠳᠠᠪᠠ 内蒙古过半面积出现旱情

 

ᠥᠪᠥᠷ ᠮᠣᠩᠭᠣᠯ ᠤᠨ ᠶᠡᠬᠡᠩᠭᠢ ᠭᠠᠵᠠᠷ ᠭᠠᠩᠳᠠᠪᠠ

ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠴᠠᠭ ᠠᠭᠤᠷ ᠤᠨ ᠲᠣᠪᠴᠢᠶ᠎ᠠ ᠥᠴᠦᠭᠡᠳᠦᠷ ᠮᠡᠳᠡᠭᠡ ᠨᠡᠢᠲᠡᠯᠡᠵᠦ ᠂ ᠡᠨᠡ ᠬᠠᠪᠤᠷ ᠡᠴᠠ ᠨᠠᠰᠢ ᠂ ᠥᠪᠥᠷ ᠮᠣᠩᠭᠣᠯ ᠤᠨ ᠶᠡᠬᠡᠩᠭᠢ ᠬᠡᠰᠡᠭ ᠭᠠᠵᠠᠷ ᠣᠷᠣᠨ ᠤ ᠠᠭᠠᠷ ᠤᠨ ᠳᠤᠯᠠᠭᠠᠨ ᠨᠡᠯᠢᠶᠡᠳ ᠦᠨᠳᠦᠷ ᠂ ᠬᠤᠷ᠎ᠠ ᠲᠣᠨᠣᠳᠠᠰᠤ ᠪᠠᠭ᠎ᠠ ᠡᠴᠠ ᠪᠣᠯᠵᠤ ᠂ ᠪᠦᠬᠦ ᠣᠷᠣᠨ ᠤ ᠶᠡᠬᠡᠩᠭᠢ ᠭᠠᠵᠠᠷ ᠭᠠᠩᠳᠠᠭᠰᠠᠨ ᠪᠦᠭᠡᠳ ᠭᠠᠩ ᠤᠨ ᠪᠠᠢᠳᠠᠯ ᠬᠡᠴᠡᠭᠦᠳᠡᠪᠡ ᠃ ᠥᠪᠥᠷ ᠮᠣᠩᠭᠣᠯ ᠤᠨ ᠴᠠᠭ ᠠᠭᠤᠷ ᠤᠨ ᠲᠣᠪᠴᠢᠶ᠎ᠠ ᠶᠢᠨ ᠵᠢᠱᠢᠭᠰᠡᠨ ᠢᠶᠡᠷ ᠂ ᠢᠷᠡᠬᠦ 5ᠡᠳᠦᠷ ᠲᠦ ᠂ ᠵᠡᠭᠦᠨ ᠪᠡᠶ᠎ᠡ ᠶᠢᠨ ᠭᠠᠵᠠᠷ ᠣᠷᠣᠨ ᠳ᠋ᠤ ᠵᠢᠷᠪᠢᠰᠬᠢᠨ ᠪᠣᠷᠣᠭᠠᠨ ᠪᠣᠶᠤ ᠠᠶᠤᠩᠭᠠᠲᠤ ᠪᠣᠷᠣᠭᠠᠨ ᠣᠷᠣᠵᠤ ᠂ ᠬᠡᠰᠡᠭ ᠭᠠᠵᠠᠷ ᠤᠨ ᠭᠠᠩ ᠤᠨ ᠪᠠᠢᠳᠠᠯ ᠢ ᠨᠠᠮᠳᠠᠭᠤᠯᠬᠤ ᠪᠤᠯᠪᠠᠴᠤ ᠂ ᠮᠠᠯᠵᠢᠬᠤ ᠣᠷᠣᠨ ᠤ ᠶᠡᠬᠡ ᠬᠠᠯᠠᠭᠤᠨ ᠪᠣᠷᠣᠭᠠᠨ ᠬᠤᠪᠤᠷ ᠪᠠᠢᠳᠠᠯ ᠦᠷᠭᠦᠯᠵᠢᠯᠡᠵᠦ ᠂ ᠭᠠᠩ ᠬᠠᠭᠰᠠᠷᠠᠭᠠᠨ ᠤᠯᠠᠮ ᠬᠡᠴᠡᠭᠦᠳᠡᠨ᠎ᠡ ᠃

6 ᠰᠠᠷ᠎ᠠ ᠶᠢᠨ 9 ᠦ ᠡᠳᠦᠷ ᠪᠣᠯᠲᠠᠯ᠎ᠠ ᠂ ᠥᠪᠥᠷ ᠮᠣᠩᠭᠣᠯ ᠤᠨ ᠳᠤᠮᠳᠠ ᠵᠡᠷᠭᠡ ᠶᠢᠨ ᠭᠠᠩ ᠬᠠᠭᠰᠠᠷᠠᠭᠠᠨ ᠵᠢᠴᠢ ᠲᠡᠭᠦᠨ ᠡᠴᠡ ᠲᠡᠭᠡᠭᠰᠢᠬᠢ ᠭᠠᠩ ᠬᠠᠭᠰᠠᠷᠠᠭᠠᠨ ᠲᠠᠢ ᠭᠠᠵᠠᠷ ᠤᠷᠤᠨ ᠨᠢ ᠭᠣᠣᠯᠳᠠᠭᠤ ᠬᠦᠯᠦᠨ ᠪᠤᠢᠷ ᠤᠨ ᠪᠠᠷᠠᠭᠤᠨ ᠡᠮᠦᠨ᠎ᠡ ᠪᠡᠶ᠎ᠡ ᠂ ᠬᠢᠩᠭᠠᠨ ᠠᠢᠮᠠᠭ ᠤᠨ ᠵᠡᠭᠦᠨ ᠡᠮᠦᠨ᠎ᠡ ᠪᠡᠶ᠎ᠡ ᠂ ᠲᠦᠩᠯᠢᠶᠣᠣ ᠶᠢᠨ ᠡᠮᠦᠨ᠎ᠡ ᠪᠡᠶ᠎ᠡ ᠂ ᠤᠯᠠᠭᠠᠨᠬᠠᠳᠠ ᠶᠢᠨ ᠶᠡᠬᠡᠩᠭᠢ ᠬᠡᠰᠡᠭ ᠭᠠᠵᠠᠷ ᠣᠷᠣᠨ ᠂ ᠰᠢᠯᠢ ᠶᠢᠨ ᠭᠣᠣᠯ ᠠᠢᠮᠠᠭ ᠤᠨ ᠬᠣᠢᠲᠤ ᠪᠡᠶ᠎ᠡ ᠂ ᠤᠯᠠᠭᠠᠨᠴᠠᠪ ᠬᠣᠲᠠ ᠶᠢᠨ ᠶᠡᠬᠡᠩᠭᠢ ᠬᠡᠰᠡᠭ ᠭᠠᠵᠠᠷ ᠣᠷᠣᠨ ᠂ ᠬᠥᠬᠡᠬᠣᠲᠠ ᠶᠢᠨ ᠪᠠᠷᠠᠭᠤᠨ ᠬᠣᠢᠲᠤ ᠪᠡᠶ᠎ᠡ ᠂ ᠪᠤᠭᠤᠲᠤ ᠶᠢᠨ ᠬᠣᠢᠲᠤ ᠪᠡᠶ᠎ᠡ ᠂ ᠣᠷᠳᠣᠰ ᠤᠨ ᠶᠡᠬᠡᠩᠭᠢ ᠬᠡᠰᠡᠭ ᠭᠠᠵᠠᠷ ᠣᠷᠣᠨ ᠂ ᠪᠠᠶᠠᠨᠨᠠᠭᠤᠷ ᠤᠨ ᠶᠡᠬᠡᠩᠭᠢ ᠬᠡᠰᠡᠭ ᠭᠠᠵᠠᠷ ᠣᠷᠣᠨ ᠪᠣᠯᠣᠨ᠎ᠠ ᠃ ᠡᠭᠦᠨ ᠦ ᠳᠣᠲᠣᠷ᠎ᠠ ᠂ ᠡᠨᠡ ᠵᠢᠯ ᠦᠨ 3 ᠳ᠋ᠤᠭᠠᠷ ᠰᠠᠷ᠎ᠠ ᠡᠴᠠ ᠨᠠᠭᠠᠰᠢ ᠂ ᠪᠠᠶᠠᠨᠨᠠᠭᠤᠷ ᠬᠣᠲᠠ ᠶᠢᠨ ᠤᠷᠠᠳ ᠤᠨ ᠲᠤᠮᠳᠠᠳᠤ ᠬᠤᠰᠢᠭᠤ ᠂ ᠳ᠋ᠧᠩᠺᠧᠥ ᠰᠢᠶᠠᠨ ᠵᠡᠷᠭᠡ ᠭᠠᠵᠠᠷ ᠣᠷᠣᠨ ᠳ᠋ᠤ ᠶᠡᠷᠦ ᠡᠴᠡ ᠪᠣᠷᠣᠭᠠᠨ ᠬᠤᠪᠤᠷᠳᠤᠵᠦ ᠭᠠᠩᠲᠠᠭᠠᠳ᠂ ᠢᠯᠠᠩᠭᠤᠶ᠎ᠠ ᠮᠠᠯᠵᠢᠬᠤ ᠣᠷᠣᠨ ᠳ᠋ᠤ ᠶᠡᠬᠡ ᠬᠡᠮᠵᠢᠶᠡᠨ ᠦ ᠪᠡᠯᠴᠢᠭᠡᠷ ᠲᠠᠴᠢᠷᠰᠢᠵᠦ ᠂ ᠮᠠᠯᠴᠢᠳ ᠤᠨ ᠦᠢᠯᠡᠳᠪᠦᠷᠢᠯᠡᠯ ᠠᠮᠢᠳᠤᠷᠠᠯ ᠳ᠋ᠤ ᠲᠤᠢᠯ ᠤᠨ ᠶᠡᠬᠡ ᠬᠦᠴᠢᠷ ᠪᠡᠷᠬᠡᠰᠢᠶᠡᠯ ᠠᠪᠴᠢᠷᠠᠭᠰᠠᠨ ᠪᠠᠢᠨ᠎ᠠ ᠃ 6 ᠰᠠᠷ᠎ᠠ ᠶᠢᠨ 8 ᠦ ᠡᠳᠦᠷ ᠂ ᠪᠠᠶᠠᠨᠨᠠᠭᠤᠷ ᠬᠣᠲᠠ ᠶᠢᠨ ᠴᠠᠭ ᠠᠭᠤᠷ ᠤᠨ ᠲᠣᠪᠴᠢᠶ᠎ᠠ ᠡᠴᠠ ᠭᠠᠩ ᠬᠠᠭᠰᠠᠷᠠᠭᠠᠨ ᠤ ᠰᠢᠷ᠎ᠠ ᠥᠩᠭᠡ ᠶᠢᠨ ᠰᠡᠷᠡᠮᠵᠢ ᠶᠢᠨ ᠳᠣᠬᠢᠶ᠎ᠠ ᠨᠡᠢᠲᠡᠯᠡᠵᠡᠢ ᠃

ᠢᠷᠡᠯᠲᠡ ᠄ ᠠᠷᠠᠳ ᠤᠨ ᠰᠦᠯᠵᠢᠶ᠎ᠡ

 

内蒙古过半面积出现旱情

自治区气象局昨日发布消息称,今春以来,内蒙古大部地区气温偏高,降水偏少,导致全区过半面积发生干旱,并迅速发展。据内蒙古气象台预计,未来5天,东部地区有小阵雨或雷阵雨,对局地旱情缓解有利,牧区将维持高温少雨的态势,干旱迅速发展。

截至6月9日,内蒙古中旱及以上干旱主要出现在呼伦贝尔市西南部、兴安盟东南部、通辽市南部、赤峰市大部、锡林郭勒盟北部、乌兰察布市大部、呼和浩特市西北部、包头市北部、鄂尔多斯市大部、巴彦淖尔市大部地区。其中,今年3月以来,巴彦淖尔市乌拉特中旗、磴口县等地一直少雨,发生干旱灾害,尤其是牧区,大面积草场荒芜,给牧民们的生产和生活带来极大的困难。6月8日,巴彦淖尔市气象台发布干旱橙色预警信号。

Posted in ᠲᠠᠨ ᠤ ᠠᠩᠬᠠᠷᠤᠯ ᠳ᠋ᠤ|热点信息 and tagged .