ᠬᠤᠪᠢ ᠪᠠᠨ ᠤᠷᠢᠳᠴᠢᠯᠠᠨ ᠯᠠᠪᠯᠠᠭᠤᠯᠬᠤ ᠵᠢᠨ ᠲᠦᠯᠦᠭᠡ 500 ᠲᠦᠬᠦᠷᠢᠭ ᠮᠡᠭᠡᠯᠡᠭᠳᠡᠪᠡ 为提前查高考分被骗500元

 

ᠰᠢᠯᠭᠠᠭᠤᠯᠤᠭᠴᠢ ᠲᠡᠭᠡᠳᠤ ᠰᠤᠷᠭᠠᠭᠤᠯᠢ ᠳ᠋ᠤ ᠰᠤᠷᠤᠭᠴᠢ ᠡᠯᠰᠡᠬᠦ ᠰᠢᠯᠭᠠᠯᠲᠠ ᠵᠢᠨ ᠬᠤᠪᠢ ᠪᠠᠨ ᠤᠷᠢᠳᠴᠢᠯᠠᠨ ᠯᠠᠪᠯᠠᠭᠤᠯᠬᠤ ᠵᠢᠨ ᠲᠦᠯᠦᠭᠡ 500 ᠲᠦᠬᠦᠷᠢᠭ ᠮᠡᠭᠡᠯᠡᠭᠳᠡᠪᠡ

ᠲᠡᠭᠡᠳᠤ ᠰᠤᠷᠭᠠᠭᠤᠯᠢ ᠳ᠋ᠤ ᠰᠤᠷᠤᠭᠴᠢ ᠡᠯᠰᠡᠬᠦ ᠰᠢᠯᠭᠠᠯᠲᠠ ᠵᠢᠨ ᠲᠠᠷᠠᠭ᠎ᠠ ᠰᠢᠯᠭᠠᠭᠤᠯᠤᠭᠴᠢ ᠰᠢᠶᠤᠤ ᠸᠠᠩ ᠨᠠᠢᠵᠠ ᠵᠢᠨ ᠬᠤᠯᠪᠤᠭ᠎ᠠ ᠠᠴᠠ ᠪᠠᠨ 《500 ᠲᠦᠬᠦᠷᠢᠭ ᠵᠠᠷᠤᠴᠠᠭᠤᠯᠪᠠᠯ ᠰᠢᠯᠭᠠᠯᠲᠠ ᠵᠢᠨ ᠬᠤᠪᠢ ᠵᠢ ᠴᠢᠨᠢ ᠤᠷᠢᠳᠴᠢᠯᠠᠨ ᠯᠠᠪᠯᠠᠵᠤ ᠦᠭᠬᠦᠨ᠎ᠡ 》ᠭᠡᠰᠡᠨ ᠮᠡᠳᠡᠭᠡ ᠵᠢ ᠬᠠᠷᠠᠵᠠᠢ ᠃ ᠰᠢᠯᠭᠠᠯᠲᠠ ᠵᠢᠨ ᠬᠤᠪᠢ ᠪᠠᠨ ᠡᠷᠲᠡᠭᠡᠨ ᠤᠯᠵᠤ ᠮᠡᠳᠡᠬᠦ ᠵᠢ ᠶᠠᠭᠠᠷᠠᠭᠰᠠᠨ ᠰᠢᠶᠤᠤ ᠸᠠᠩ ᠨᠦᠬᠦᠭᠡᠳᠡᠬᠢ ᠳ᠋ᠡᠭᠡᠨ 500 ᠲᠦᠬᠦᠷᠢᠭ ᠰᠢᠯᠵᠢᠬᠦᠯᠵᠤ ᠦᠭᠴᠠᠢ ᠂ ᠬᠡᠪᠡᠴᠦ ᠨᠦᠬᠦᠭᠡᠳᠡᠬᠢ ᠨᠢ ᠰᠢᠯᠭᠠᠯᠲᠠ ᠵᠢᠨ ᠬᠤᠪᠢ ᠵᠢ ᠨᠢ ᠯᠠᠪᠯᠠᠵᠤ ᠦᠭᠬᠦᠭᠰᠡᠨ ᠦᠭᠡᠢ ᠵᠢ ᠪᠤᠤ ᠬᠡᠯᠡ ᠂ ᠮᠦᠩᠬᠦ ᠵᠢ  ᠨᠢ ᠭᠠᠷᠳᠠᠮᠠᠭᠴᠠ ᠲᠡᠬᠦᠨ  ᠲᠠᠢ ᠬᠠᠷᠢᠯᠴᠠᠭ᠎ᠠ  ᠪᠡᠨ ᠲᠠᠰᠤᠯᠤᠭᠰᠠᠨ ᠪᠠᠢᠨ᠎ᠠ ᠃ ᠰᠢᠯᠭᠠᠯᠲᠠ ᠵᠢᠨ ᠬᠤᠪᠢ ᠪᠠᠨ ᠤᠷᠢᠳᠴᠢᠯᠠᠨ ᠯᠠᠪᠯᠠᠵᠤ ᠦᠭᠬᠦᠨ᠎ᠡ ᠭᠡᠳᠡᠭ ᠢ ᠢᠳᠡᠭᠡᠵᠤ ᠪᠤᠯᠬᠤ ᠦᠭᠡᠢ ᠭᠡᠵᠤ ᠴᠠᠭᠳᠠᠭᠠᠨ ᠤ ᠬᠢᠨ ᠰᠠᠨᠠᠭᠤᠯᠵᠤ ᠪᠠᠢᠨ᠎ᠠ ᠃
   ᠪᠡᠭᠡᠵᠢᠩ ᠦᠨ ᠴᠠᠭᠳᠠᠭᠠᠨ ᠤ ᠬᠢᠨ ᠰᠠᠨᠠᠭᠤᠯᠤᠭᠰᠠᠨ ᠨᠢ ᠂ ᠲᠡᠭᠡᠳᠤ ᠰᠤᠷᠭᠠᠭᠤᠯᠢ ᠳ᠋ᠤ ᠰᠤᠷᠤᠭᠴᠢ ᠡᠯᠰᠡᠬᠦ ᠠᠵᠢᠯ  ᠨᠢ ᠲᠤᠭᠲᠠᠭᠰᠠᠨ ᠠᠯᠬᠤᠮ ᠲᠠᠷᠠᠭ᠎ᠠ ᠲᠠᠢ ᠪᠠᠢᠳᠠᠭ ᠂ ᠬᠤᠪᠢ ᠵᠢ ᠵᠠᠰᠠᠵᠤ ᠬᠠᠷᠭᠤᠭᠤᠯᠬᠤ ᠳ᠋ᠤ ᠪᠠᠰᠠ ᠵᠤᠬᠢᠬᠤ ᠴᠠᠭ ᠬᠡᠷᠡᠭᠰᠡᠨ᠎ᠡ ᠂ ᠰᠢᠯᠭᠠᠭᠤᠯᠤᠭᠴᠢ ᠪᠤᠯᠤᠨ ᠭᠡᠷ ᠦᠨ ᠠᠬᠠᠮᠠᠳ ᠤᠨ ᠰᠠᠨᠳᠤᠷᠴᠦ ᠪᠠᠢᠬᠤ ᠦᠶ᠎ᠡ ᠳ᠋ᠤ ᠦᠨᠡᠨ ᠳ᠋ᠡᠭᠡᠨ ᠰᠢᠯᠭᠠᠯᠲᠠ ᠵᠢ ᠴᠦ ᠶᠠᠭ ᠰᠠᠢᠬᠠᠨ ᠬᠢᠨᠠᠵᠤ ᠵᠠᠰᠠᠵᠤ ᠪᠠᠢᠭ᠎ᠠ ᠶᠤᠮ ᠃ ᠲᠡᠭᠡᠬᠦ ᠳ᠋ᠤ ᠮᠡᠭᠡᠯᠡᠭᠴᠢ ᠰᠢᠯᠠᠭᠠᠭᠤᠯᠤᠭᠴᠢ ᠵᠢᠨ ᠶᠠᠭᠠᠷᠠᠭᠰᠠᠨ ᠰᠡᠳᠬᠢᠯ ᠢ ᠲᠠᠯᠢᠮᠳᠠᠭᠤᠯᠤᠨ ᠮᠡᠭᠡᠯᠡᠯ ᠶᠠᠪᠤᠭᠤᠯᠳᠠᠭ ᠂ ᠵᠤᠭᠤᠰᠤᠨ ᠲᠤᠭ᠎ᠠ ᠨᠢ ᠲᠡᠳᠤᠢ ᠶᠡᠭᠡ ᠪᠢᠰᠢ ᠪᠤᠯᠬᠤᠷ ᠮᠡᠭᠡᠯᠡᠭᠳᠡᠬᠦ ᠬᠦᠮᠦᠨ ᠨᠢ  ᠴᠦ ᠤᠯᠠᠨ ᠪᠠᠢᠳᠠᠭ ᠃ ᠬᠦᠮᠦᠰ ᠢᠢᠮᠦ ᠮᠡᠭᠡᠯᠡᠯ ᠡᠴᠡ ᠬᠡᠷᠰᠡᠦᠯᠡᠪᠡᠯ ᠵᠤᠬᠢᠨ᠎ᠠ ᠂ ᠬᠡᠷᠪᠡ ᠮᠡᠭᠡᠯᠡᠭᠳᠡᠪᠡᠯ ᠲᠠᠷᠤᠢᠬᠠᠨ ᠴᠠᠭᠳᠠᠭ᠎ᠠ ᠳ᠋ᠤ ᠮᠡᠳᠡᠬᠦᠯᠬᠦ ᠬᠡᠷᠡᠭᠲᠠᠢ ᠃
   ᠢᠷᠡᠯᠳᠡ᠄ᠦᠪᠦᠷ ᠮᠣᠩᠭᠣᠯ ᠤᠨ ᠭᠢᠶᠠᠨ ᠰᠦᠯᠵᠢᠶ᠎ᠡ《ᠠᠷᠠᠳ ᠤᠨ ᠰᠦᠯᠵᠢᠶ᠎ᠡ 》ᠡᠴᠡ ᠰᠢᠯᠵᠢᠬᠦᠯᠤᠨ ᠪᠠᠭᠤᠯᠭᠠᠪᠠ

为提前查高考分考生被骗500元

高考刚结束,考生小王就在朋友圈看到有人发消息称,可以花费500元提前查高考成绩。他心急知道成绩便给对方转账,谁知立刻被对方拉黑,成绩更是无处查询。警方提示称,提前查分不可信
  北京警方提示说,高招有自己固定的流程,分数修改核对也需要时间,在考生和家长焦急等待时,试卷正在批改当中。而骗子利用考生的焦躁情绪作案,价格又不贵,上当的人不在少数。希望市民不要轻信此类骗局,一旦被骗及时报警。
    来源:内蒙古启言网摘自《北京晨报》

Posted in ᠲᠠᠨ ᠤ ᠠᠩᠬᠠᠷᠤᠯ ᠳ᠋ᠤ|热点信息, 未分类 and tagged .