ᠥᠪᠦᠷ ᠮᠣᠩ᠋ᠭᠤᠯ ᠤᠨ ᠠᠩᠬᠠᠳᠠᠬᠴᠢ ᠤᠶᠤᠲᠠᠳ ᠤᠨ ᠤᠯᠠᠭᠠᠨᠮᠦ᠋ᠴᠢᠷ ᠪᠠᠶᠢᠭᠤᠯᠤᠭᠳᠠᠪᠠ内蒙古首支大学生乌兰牧骑成立

ᠥᠪᠦᠷ ᠮᠣᠩ᠋ᠭᠤᠯ ᠤᠨ ᠠᠩᠬᠠᠳᠠᠬᠴᠢ ᠤᠶᠤᠲᠠᠳ ᠤᠨ ᠤᠯᠠᠭᠠᠨᠮᠦ᠋ᠴᠢᠷ ᠪᠠᠶᠢᠭᠤᠯᠤᠭᠳᠠᠪᠠ

5 ᠰᠠᠷ᠎ᠠ ᠶᠢᠨ 31 ᠤ ᠡᠳᠦᠷ᠂ ᠥᠪᠦᠷ ᠮᠣᠩᠭ᠋ᠤᠯ ᠤᠨ ᠤᠷᠠᠯᠢᠭ ᠤᠨ ᠳᠡᠭᠡᠲᠤ ᠰᠤᠷᠭᠠᠭᠤᠯᠢ ᠨᠢ ᠥᠪᠦᠷ ᠮᠣᠩ᠋ᠭᠤᠯ ᠤᠨ ᠥᠪᠡᠷᠲᠡᠬᠡᠨ ᠵᠠᠰᠠᠬᠤ ᠤᠷᠤᠨ ᠤ ᠠᠩᠬᠠᠳᠠᠬᠴᠢ ᠤᠶᠤᠲᠠᠳ ᠤᠨ ᠤᠯᠠᠭᠠᠨᠮᠦ᠋ᠴᠢᠷ ᠢ ᠪᠠᠶᠢᠭᠤᠯᠵᠡᠢ᠃ ᠤᠶᠢᠯᠠᠭᠠᠭᠰᠠᠨ ᠢᠶᠡᠷ᠂ ᠤᠶᠤᠲᠠᠳ ᠤᠨ ᠤᠯᠠᠭᠠᠨᠮᠦ᠋ᠴᠢᠷ ᠰᠤᠷᠤᠭᠴᠢᠳ ᠤᠨ ᠢᠶᠡᠨ ᠲᠤᠰᠬᠠᠢ ᠮᠡᠷᠭᠡᠵᠢᠯ ᠤᠨ ᠴᠢᠳᠠᠪᠤᠷᠢ ᠶᠢ ᠠᠰᠢᠬᠯᠠᠨ ᠤᠯᠠᠭᠠᠨᠮᠦ᠋ᠴᠢᠷ ᠤᠨ ᠵᠣᠷᠢᠭ ᠰᠠᠨᠠᠭ᠎ᠠ ᠶᠢ ᠪᠠᠳᠠᠷᠠᠭᠤᠯᠵᠤ᠂ ᠥᠪᠦᠷ ᠮᠣᠩ᠋ᠭᠤᠯ ᠤᠨ ᠥᠪᠡᠷᠲᠡᠬᠡᠨ ᠵᠠᠰᠠᠬᠤ ᠤᠷᠤᠨ ᠤ ᠤᠳᠬ᠎ᠠ ᠤᠷᠠᠯᠢᠭ ᠤᠨ ᠰᠢᠨᠡᠴᠢᠯᠡᠯᠲᠠ ᠳᠤ ᠬᠦᠴᠦᠨ ᠨᠡᠮᠡᠷᠢᠯᠡᠬᠦ ᠶᠢᠨ ᠵᠡᠷᠭᠡᠴᠡᠭᠡ ᠨᠡᠩ ᠤᠯᠠᠨ ᠭᠠᠵᠠᠷ ᠨᠤᠲᠤᠭ ᠤᠨ ᠤᠨᠴᠠᠯᠢᠭ ᠲᠠᠢ᠂ ᠳᠡᠯᠬᠡᠷᠡᠨ ᠤᠯᠠᠮᠵᠢᠯᠠᠭᠳᠠᠵᠤ ᠪᠤᠯᠬᠤᠶᠢᠴᠡ᠂ ᠦᠯᠡᠳᠡᠭᠡᠨ ᠠᠰᠢᠬᠯᠠᠵᠤ ᠪᠤᠯᠬᠤᠶᠢᠴᠡ ᠰᠢᠯᠢᠳᠡᠭ ᠪᠦᠲᠦᠬᠡᠯ ᠤᠳ ᠵᠣᠬᠢᠶᠠᠨ ᠪᠦᠲᠦᠬᠡᠬᠦ ᠪᠡᠷ ᠨᠡᠩ ᠶᠡᠬᠡ᠂ ᠨᠡᠩ ᠤᠯᠠᠨ᠂ ᠨᠡᠩ ᠳᠤᠪᠤᠶᠢᠮ᠎ᠠ ᠬᠤᠪᠢ ᠨᠡᠮᠡᠷᠢ ᠦᠵᠡᠬᠦᠯᠵᠤ᠂ 《ᠤᠯᠠᠭᠠᠨᠮᠦ᠋ᠴᠢᠷ ᠤᠨ ᠵᠣᠷᠢᠭ ᠰᠠᠨᠠᠭ᠎ᠠ》 ᠶ᠋ᠢ ᠦᠷᠬᠡᠨ ᠤᠯᠠᠨ ᠵᠠᠯᠠᠭᠤᠴᠤᠳ ᠤᠶᠤᠲᠠᠳ ᠤᠨ ᠰᠡᠳᠬᠢᠯ ᠳᠤ ᠬᠠᠳᠠᠩᠰᠢᠭᠤᠯᠬᠤ ᠪᠤᠯᠤᠨ᠎ᠠ᠃

ᠳᠠᠷᠠᠭᠠᠴᠢ ᠶᠢᠨ ᠠᠯᠬᠤᠮ ᠳᠤ᠂ ᠤᠶᠤᠲᠠᠳ ᠤᠨ ᠤᠯᠠᠭᠠᠨᠮᠦ᠋ᠴᠢᠷ ᠨᠢ ᠨᠡᠶᠢᠬᠡᠮ ᠤᠨ ᠥᠢᠯᠡᠳᠦᠯᠬᠡ᠂ ᠰᠠᠶᠢᠨ ᠲᠤᠷᠠᠲᠠᠳ ᠤᠨ ᠥᠢᠯᠡᠴᠢᠯᠡᠬᠡ ᠵᠡᠷᠭᠡ ᠲᠤᠬᠢᠶᠠᠯ ᠢ ᠠᠰᠢᠬᠯᠠᠨ ᠬᠦᠳᠡᠭᠡ ᠲᠤᠰᠬᠤᠨ ᠮᠠᠯᠵᠢᠬᠤ ᠤᠷᠤᠨ᠂ ᠥᠢᠯᠡᠳᠪᠤᠷᠢ᠂ ᠰᠤᠷᠭᠠᠭᠤᠯᠢ᠂ ᠬᠤᠷᠢᠶᠠᠯᠠᠯ  ᠳᠤ ᠬᠦᠷᠴᠤ ᠤᠷᠠᠨ ᠰᠠᠶᠢᠬᠠᠨ ᠤ ᠲᠤᠭᠯᠠᠯᠲᠠ ᠭᠠᠷᠭᠠᠬᠤ ᠪᠡᠷ ᠳᠠᠮᠵᠢᠨ ᠤᠯᠠᠭᠠᠨᠮᠦ᠋ᠴᠢᠷ ᠤᠨ ᠵᠣᠷᠢᠭ ᠰᠠᠨᠠᠭ᠎ᠠ ᠶᠢ ᠰᠠᠶᠢᠲᠤᠷ ᠮᠠᠨᠳᠤᠭᠤᠯᠵᠤ᠂ ᠤᠯᠠᠭᠠᠨᠮᠦ᠋ᠴᠢᠷ ᠤᠨ ᠬᠤᠪᠢᠰᠬᠠᠯᠲᠤ ᠰᠤᠶᠤᠯ ᠤᠨ ᠭᠧᠨ ᠢ ᠤᠯᠠᠮᠵᠢᠯᠠᠨ᠂ ᠤᠶᠤᠲᠠᠳ ᠢ ᠬᠤᠪᠢᠰᠬᠠᠯᠲᠤ ᠤᠷᠠᠯᠢᠭ ᠤᠨ ᠬᠦᠩᠬᠡᠨ ᠮᠣᠷᠢᠲᠤ ᠴᠡᠷᠢᠭ ᠪᠤᠯᠭᠠᠬᠤ ᠪᠡᠷ ᠴᠢᠷᠮᠠᠶᠢᠯᠭᠠᠨ᠎ᠠ᠃

ᠢᠷᠡᠯᠳᠡ᠄ ᠬᠦᠬᠡᠬᠤᠲᠠ ᠶᠢᠨ ᠤᠷᠤᠢ ᠶᠢᠨ ᠰᠣᠨᠢᠨ

内蒙古首支大学生乌兰牧骑成立

 5月31日,内蒙古艺术学院成立内蒙古地区首支大学生乌兰牧骑,成立仪式在该校艺术厅举行。据悉,大学生乌兰牧骑将利用学生的专业特长,发挥乌兰牧骑精神,助力自治区文艺创新,为创作更多接地气、传得开、留得下的优秀作品,作出更大、更多、更突出的贡献,让“乌兰牧骑精神”更好的播撒在广大青年学子心中。

下一步,大学生乌兰牧骑将利用社会实践、志愿服务等机会,深入到农村牧区、工厂学校、街道社区进行文艺演出,大力弘扬乌兰牧骑精神,传承乌兰牧骑红色文化基因,争做大学生红色文艺轻骑兵,为繁荣社会主义文艺贡献出艺苑学子的青春力量。

Posted in ᠲᠠᠨ ᠤ ᠠᠩᠬᠠᠷᠤᠯ ᠳ᠋ᠤ|热点信息 and tagged .