ᠤᠯᠠᠭᠠᠨᠬᠤᠲᠠ᠄ 《ᠵᠠᠬᠢᠶᠠᠯᠠᠭ᠎ᠠ ᠶᠢᠨ ᠬᠡᠯᠪᠡᠷᠢ》ᠪᠡᠷ ᠶᠠᠳᠠᠭᠤ ᠡᠴᠡ ᠠᠩᠭᠢᠵᠢᠷᠠᠵᠦ ᠪᠤᠢ乌兰浩特:“菜单式”扶贫 精准拔穷根

ᠤᠯᠠᠭᠠᠨᠬᠤᠲᠠ᠄ 《ᠵᠠᠬᠢᠶᠠᠯᠠᠭ᠎ᠠ ᠶᠢᠨ ᠬᠡᠯᠪᠡᠷᠢ》ᠪᠡᠷ ᠶᠠᠳᠠᠭᠤ ᠡᠴᠡ ᠠᠩᠭᠢᠵᠢᠷᠠᠵᠦ ᠪᠤᠢ

ᠰᠡᠭᠦᠯ ᠤᠨ ᠵᠢᠯ ᠤᠳ ᠲᠤ ᠦᠪᠦᠷ ᠮᠤᠩᠭᠤᠯ ᠤᠨ ᠬᠢᠩᠭᠠᠨ ᠠᠶᠢᠮᠠᠬ ᠤᠨ ᠤᠯᠠᠭᠠᠨᠬᠤᠲᠠ 《ᠵᠠᠬᠢᠶᠠᠯᠠᠭ᠎ᠠ ᠶᠢᠨ ᠬᠡᠯᠪᠡᠷᠢ》ᠪᠡᠷ ᠶᠠᠳᠠᠭᠤ ᠡᠴᠡ ᠠᠩᠭᠢᠵᠢᠷᠠᠭᠤᠯᠬᠤ ᠵᠢ ᠬᠡᠷᠡᠭᠵᠢᠭᠦᠯᠵᠦ᠂ ᠶᠠᠳᠠᠭᠤ ᠡᠴᠡ ᠠᠩᠭᠢᠵᠢᠷᠠᠭᠤᠯᠬᠤ ᠲᠦᠰᠦᠯ ᠢᠶᠡᠨ ᠨᠤᠭᠤᠭ᠎ᠠ ᠵᠠᠬᠢᠶᠠᠯᠠᠬᠤ ᠬᠠᠭᠤᠳᠠᠰᠤ ᠮᠡᠲᠤ ᠪᠤᠯᠭᠠᠨ᠂ ᠵᠠᠰᠠᠬ ᠤᠨ ᠤᠷᠳᠤᠨ ᠡᠴᠡ ᠢᠳᠡᠰᠢᠨ ᠨᠤᠭᠤᠭ᠎ᠠ ᠲᠠᠷᠢᠬᠤ᠂ ᠮᠠᠯ ᠲᠡᠵᠢᠭᠡᠬᠦ᠂ ᠦᠭᠡᠷ᠎ᠡ ᠭᠠᠵᠠᠷ ᠨᠡᠭᠦᠬᠦ ᠵᠡᠷᠭᠡ ᠲᠦᠰᠦᠯ ᠬᠠᠩᠭᠠᠵᠦ᠂ ᠶᠠᠳᠠᠭᠤ ᠬᠦᠴᠢᠷᠲᠡᠯᠳᠡᠢ ᠡᠷᠦᠬᠡ ᠨᠢ ᠡᠭᠦᠨ ᠤ ᠳᠤᠮᠳᠠ ᠡᠴᠡ ᠨᠤᠭᠤᠭ᠎ᠠ ᠵᠠᠬᠢᠶᠠᠯᠠᠬᠤ ᠮᠡᠲᠤ ᠦᠪᠡᠷ ᠲᠤ ᠪᠠᠨ ᠲᠤᠬᠢᠷᠠᠬᠰᠠᠨ ᠲᠦᠰᠦᠯ ᠰᠤᠩᠭᠤᠳᠠᠬ ᠪᠠ ᠵᠠᠰᠠᠬ ᠤᠨ ᠤᠷᠳᠤᠨ ᠵᠠᠷᠤᠳᠠᠯ ᠮᠦᠩᠭᠦ ᠵᠢ ᠨᠢ ᠭᠠᠷᠭᠠᠵᠦ ᠤᠨᠢᠨ ᠳᠡᠭᠡᠷ᠎ᠡ ᠨᠢ ᠨᠡᠩ ᠪᠦᠲᠦᠮᠵᠢᠲᠡᠢ ᠪᠡᠷ ᠶᠠᠳᠠᠭᠤ ᠡᠴᠡ ᠠᠩᠭᠢᠵᠢᠷᠠᠭᠤᠯᠵᠦ ᠪᠤᠢ᠃ 2017 ᠤᠨ ᠤ ᠰᠡᠬᠦᠯ ᠳᠤ ᠤᠯᠠᠭᠠᠨᠬᠤᠲᠠ ᠨᠢᠭᠡᠨᠲᠡ 5000 ᠭᠠᠷᠤᠢ ᠬᠦᠮᠦᠨ ᠢ ᠶᠠᠳᠠᠭᠤ ᠡᠴᠡ ᠠᠩᠭᠢᠵᠢᠷᠠᠭᠤᠯᠵᠦ᠂ ᠭᠤᠤᠯ ᠪᠤᠯᠬᠤ ᠶᠠᠳᠠᠭᠤ ᠬᠦᠴᠢᠷᠳᠡᠯᠳᠡᠢ ᠭᠠᠴᠠᠭ᠎ᠠ ᠲᠤᠰᠬᠤᠨ ᠢ ᠪᠦᠬᠦᠨ ᠢ ᠶᠠᠳᠠᠭᠤ ᠡᠴᠡ ᠠᠩᠭᠢᠵᠢᠷᠠᠭᠤᠯᠤᠬᠰᠠᠨ ᠪᠠᠶᠢᠨ᠎ᠠ᠃

ᠢᠷᠡᠯᠳᠡ᠄ ᠰᠢᠨᠬᠤᠸᠠ ᠬᠤᠷᠢᠶ᠎ᠠ

乌兰浩特:“菜单式”扶贫 精准拔穷根

近年来,内蒙古兴安盟乌兰浩特市推行“菜单式扶贫”模式,把扶贫项目编制为“菜单”,政府提供蔬菜种植、牲畜养殖、易地搬迁等“菜单”项目,由贫困户“点菜”,政府买单,使扶贫项目更精准、更有效。截至2017年底,乌兰浩特市已累计脱贫5000余人,重点贫困嘎查村全部实现脱贫。

Posted in ᠤᠷᠤᠨ ᠨᠤᠲᠤᠭ ᠤᠨ ᠮᠡᠳᠡᠭᠡ ᠵᠠᠩᠬᠢ |农牧信息.