ᠾᠧᠪᠧᠢ ᠶᠢᠨ ᠨᠠᠨ ᠾᠧ ᠡᠴᠠ 400 ᠭᠠᠷᠤᠢ ᠺᠢᠯᠣᠭ᠍ᠷᠠᠮ ᠡᠷᠲᠡᠨ ᠦ ··· 河北发现400余公斤古钱币

ᠾᠧᠪᠧᠢ ᠶᠢᠨ ᠨᠠᠨ ᠾᠧ ᠡᠴᠠ 400 ᠭᠠᠷᠤᠢ ᠺᠢᠯᠣᠭ᠍ᠷᠠᠮ ᠡᠷᠲᠡᠨ ᠦ ᠵᠣᠭᠣᠰ ᠤᠨ ᠢᠯᠡᠷᠡᠭᠦᠯᠪᠡ

ᠣᠢᠷ᠎ᠠ ᠶᠢᠨ ᠡᠳᠦᠷ ᠂ ᠾᠧᠪᠧᠢ ᠮᠤᠵᠢ ᠶᠢᠨ ᠨᠠᠨ ᠾᠧ ᠰᠢᠶᠠᠨ ᠤ ᠬᠣᠣ ᠴᠢᠶᠣᠣ ᠵᠧᠨ ᠪᠠᠯᠭᠠᠰᠤ ᠶᠢᠨ ᠳ᠋ᠦᠩ ᠰᠢᠤᠧᠠᠢ ᠲᠥᠨ ᠲᠤᠰᠬᠤᠨ ᠤ ᠠᠷᠠᠳ ᠡᠮ ᠮᠠᠯᠲᠠᠬᠤ ᠦᠶ᠎ᠡ ᠳ᠋ᠦ ᠪᠡᠨ ᠂ ᠰᠠᠨᠠᠮᠰᠠᠷ  ᠦᠭᠡᠢ ᠪᠡᠷ ᠨᠢᠭᠡ ᠲᠣᠮᠣ ᠪᠣᠲᠣᠩ ᠡᠷᠲᠡᠨ ᠦ ᠵᠣᠭᠣᠰ ᠤᠯᠵᠦ ᠠᠪᠴᠠᠢ ᠃ ᠲᠤᠬᠠᠢ ᠶᠢᠨ ᠭᠠᠵᠠᠷ ᠤᠨ ᠲᠡᠥᠬᠡ ᠶᠢᠨ ᠳᠤᠷᠠᠰᠬᠠᠯᠲᠤ ᠵᠦᠢᠯᠡᠰ ᠦᠨ ᠰᠠᠯᠠᠭ᠎ᠠ ᠮᠦᠴᠢᠷ ᠦᠨ ᠰᠢᠯᠭᠠᠨ ᠲᠣᠭᠲᠠᠭᠠᠭᠰᠠᠨ ᠢᠶᠠᠷ ᠂ ᠪᠣᠲᠣᠩ ᠳᠣᠲᠣᠷ᠎ᠠ ᠨᠡᠢᠲᠡ 400 ᠭᠠᠷᠤᠢ ᠺᠢᠯᠣᠭ᠍ᠷᠠᠮ ᠡᠷᠲᠡᠨ ᠦ ᠵᠣᠭᠣᠰ ᠪᠠᠢᠵᠤ ᠂ ᠰᠦᠩ ᠤᠯᠤᠰ ᠤᠨ ᠦᠶ᠎ᠡ ᠶᠢᠨ ᠭᠠᠥᠯᠢᠨ ᠵᠣᠭᠣᠰ ᠢᠶᠠᠷ ᠭᠣᠣᠯᠳᠠᠭᠤᠯᠵᠤ ᠂ ᠡᠭᠦᠨ ᠡᠴᠡ ᠭᠠᠳᠠᠨ᠎ᠠ ᠪᠠᠰᠠ ᠬᠠᠨ ᠤᠯᠤᠰ ᠂ ᠲᠠᠩ ᠤᠯᠤᠰ ᠂ ᠶᠤᠧᠠᠨ ᠤᠯᠤᠰ ᠤᠨ ᠦᠶ᠎ᠡ ᠶᠢᠨ ᠡᠷᠲᠡᠨ  ᠦ ᠵᠣᠭᠣᠰ ᠪᠤᠢ ᠂ ᠪᠤᠯᠠᠭᠳᠠᠭᠰᠠᠨ ᠴᠠᠭ ᠨᠢ ᠶᠤᠧᠠᠨ ᠤᠯᠤᠰ ᠤᠨ ᠰᠡᠭᠦᠯᠴᠢ ᠮᠢᠩ ᠤᠯᠤᠰ ᠤᠨ ᠡᠬᠢᠨ ᠦ ᠦᠶ᠎ᠡ ᠭᠡᠵᠦ ᠠᠩᠬ᠎ᠠ ᠠᠯᠬᠤᠮ ᠮᠠᠭᠠᠳᠯᠠᠵᠤ ᠪᠠᠢᠨ᠎ᠠ ᠃

河北发现400余公斤古钱币

近日,河北省南和县郝桥镇东薛屯村村民在挖中药时,意外发现一大瓮古钱币。经当地文物部门鉴定,瓮中古钱币共重400余公斤,主要为宋代铜钱币,另外还有汉代、唐代、元代一些古钱币,初步推断埋藏时间为元末明初。

Posted in ᠴᠢᠯᠤᠭᠡᠲᠦ ᠴᠠᠭ |茶余饭后 and tagged .