ᠮᠠᠯᠴᠢᠨ ᠴᠣᠭᠳᠣ ᠶᠢᠨ ᠪᠢᠴᠢᠭᠰᠡᠨ ᠲᠠᠭᠤᠤ《ᠠᠮᠢᠨ ᠰᠢᠳᠦᠭᠡᠨ ᠮᠦᠩᠭᠦᠨ ···牧民朝克图原创歌曲《我神圣的银色敖包》

ᠮᠠᠯᠴᠢᠨ ᠴᠣᠭᠳᠣ ᠶᠢᠨ ᠪᠢᠴᠢᠭᠰᠡᠨ ᠲᠠᠭᠤᠤ《ᠠᠮᠢᠨ ᠰᠢᠳᠦᠭᠡᠨ ᠮᠦᠩᠭᠦᠨ ᠤᠪᠤᠭ᠎ᠠ ᠮᠢᠨᠢ》

  ᠠᠮᠢᠨ ᠰᠢᠳᠦᠭᠡᠨ ᠮᠦᠩᠭᠦᠨ ᠤᠪᠤᠭ᠎ᠠ ᠮᠢᠨᠢ
   ᠦᠭᠡ᠄ ᠪᠦᠭᠦᠨᠦᠳ ·ᠴᠣᠭᠳᠤ
   ᠠᠶ᠎ᠠ᠄ ᠤᠳᠬᠠᠨᠪᠠᠶᠠᠷ
   ᠲᠠᠭᠤᠴᠢᠨ᠄ ᠤᠳᠬᠠᠨᠪᠠᠶᠠᠷ
  ᠠᠯᠤᠰ ᠤᠨ ᠠᠯᠤᠰ ᠠᠴᠠ ᠴᠡᠩᠭᠡᠷᠯᠡᠭᠡᠳ ᠪᠠᠢᠳᠠᠭ
  ᠠᠪᠤ ᠲᠡᠭᠡᠳᠣᠰ ᠤᠨ ᠮᠢᠨᠢ ᠨᠤᠲᠤᠭ ᠤᠨ ᠠᠭᠤᠯᠠᠰ
  ᠠᠪᠤ ᠲᠡᠭᠡᠳᠦᠭᠦᠯᠡ ᠶᠢᠨ ᠦᠪᠯᠡᠵᠤ ᠦᠯᠡᠳᠡᠭᠡᠭᠰᠡᠨ
  ᠠᠮᠢᠨ ᠰᠢᠳᠦᠬᠡᠨ ᠮᠦᠩᠭᠦᠨ ᠤᠪᠤᠭ᠎ᠠ ᠮᠢᠨᠢ
   ᠪᠤᠭᠳᠠ ᠪᠤᠭᠳᠠ ᠬᠠᠢᠷᠬᠠᠨ ᠤ ᠲᠤᠮᠳᠠ ᠠᠴᠠ
   ᠪᠤᠰᠤᠭ᠎ᠠ ᠬᠡᠢᠮᠤᠷᠢ ᠲᠠᠢ ᠮᠦᠩᠭᠦᠨ ᠤᠪᠤᠭ᠎ᠠ ᠮᠢᠨᠢ
   ᠪᠦᠷᠳᠡᠯᠵᠡᠨ ᠪᠦᠷᠳᠡᠯᠵᠡᠨ ᠰᠦᠨᠳᠡᠷᠯᠡᠭᠡᠳ ᠪᠠᠢᠳᠠᠭ
   ᠪᠦᠬᠦᠨᠦᠳ ᠤᠪᠤᠭ ᠤᠨ ᠰᠢᠳᠦᠬᠡᠨ ᠤᠪᠤᠭ᠎ᠠ ᠮᠢᠨᠢ
  ᠦᠨᠳᠡᠢᠨ ᠦᠨᠳᠡᠢᠨ ᠬᠠᠷᠠᠭᠳᠠᠭᠠᠳ ᠪᠠᠢᠳᠠᠭ
  ᠡᠪᠦᠭᠡ ᠲᠡᠭᠡᠳᠤᠰ ᠤᠨ ᠮᠢᠨᠢ ᠨᠤᠲᠤᠭ ᠤᠨ ᠠᠭᠤᠯᠠᠰ
  ᠡᠪᠦᠭᠡ ᠶᠢᠨ ᠮᠢᠨᠢ ᠡᠪᠦᠭᠡ ᠡᠴᠡ ᠰᠦᠰᠦᠭᠯᠡᠵᠤ ᠲᠠᠬᠢᠭᠰᠠᠨ
  ᠦᠪᠡᠷ ᠦᠨ ᠮᠢᠨᠢ ᠰᠢᠳᠦᠬᠡᠨ ᠮᠦᠩᠭᠦᠨ ᠤᠪᠤᠭ᠎ᠠ ᠮᠢᠨᠢ
   ᠪᠤᠭᠳᠠ ᠪᠤᠭᠳᠠ ᠬᠠᠢᠷᠬᠠᠨ ᠤ ᠲᠤᠮᠳᠠ ᠠᠴᠠ
   ᠪᠤᠰᠤᠭ᠎ᠠ ᠬᠡᠢᠮᠤᠷᠢ ᠲᠠᠢ ᠮᠦᠩᠭᠦᠨ ᠤᠪᠤᠭ᠎ᠠ ᠮᠢᠨᠢ
   ᠪᠦᠷᠳᠡᠯᠵᠡᠨ ᠪᠦᠷᠳᠡᠯᠵᠡᠨ ᠰᠦᠨᠳᠡᠷᠯᠡᠭᠡᠳ ᠪᠠᠢᠳᠠᠭ
   ᠪᠦᠬᠦᠨᠦᠳ ᠣᠪᠣᠭ ᠤᠨ ᠰᠢᠳᠦᠬᠡᠨ ᠤᠪᠤᠭ᠎ᠠ ᠮᠢᠨᠢ
 ᠤᠳᠬᠠᠨᠪᠠᠶᠠᠷ᠂ ᠦᠪᠦᠷ ᠮᠤᠩᠭᠤᠯ ᠤᠨ ᠰᠢᠯᠢ ᠶᠢᠨ ᠭᠤᠤᠯ ᠠᠢᠮᠠᠭ ᠤᠨ ᠪᠠᠷᠠᠭᠤᠨ ᠦᠵᠦᠮᠦᠴᠢᠨ ᠬᠤᠰᠢᠭᠤᠨ ᠤ ᠤᠤᠭᠠᠯ᠃ 1980 ᠣᠨ ᠳ᠋ᠥ ᠤᠤᠯ ᠤᠨ ᠪᠠᠶᠠᠨᠪᠤᠯᠠᠭ ᠰᠤᠮᠤᠨ ᠤ ᠰᠢᠨᠡᠪᠤᠯᠠᠭ ᠪᠠᠷᠢᠭᠠᠳᠠ ᠶᠢᠨ ᠮᠠᠯᠴᠢᠨ ᠲᠤᠪᠳᠤᠨ ᠪᠤᠯᠤᠨ ᠷᠢᠨᠴᠢᠨᠬᠤᠧᠠᠷ ᠤᠨ ᠶᠢᠰᠦᠨ ᠬᠡᠦᠬᠡᠳ ᠦᠨ ᠤᠳᠬᠠᠨ ᠨᠢ ᠪᠤᠯᠵᠤ ᠵᠠᠶᠠᠭᠠᠵᠠᠢ᠃ ᠪᠠᠭ᠎ᠠ ᠠᠴᠠ ᠪᠠᠨ ᠲᠠᠭᠤᠤ ᠤᠷᠠᠯᠢᠭ ᠲᠣ ᠪᠠᠬᠠᠳᠠᠢ ᠪᠠᠢᠵᠤ᠂ 2000 —2007 ᠣᠨ ᠳ᠋ᠥ ᠤᠷᠠᠯᠢᠭ ᠰᠤᠶᠤᠯ ᠤᠨ ᠮᠦᠷ ᠬᠦᠬᠡᠬᠡᠵᠤ ᠤᠯᠠᠨ ᠵᠢᠯ ᠲᠠᠭᠤᠤ ᠤᠷᠠᠯᠢᠭ ᠤᠨ ᠶᠡᠬᠡ ᠭᠡᠷ ᠪᠦᠯᠢ ᠳ᠋ᠥ ᠴᠢᠯᠦᠭᠡᠳᠡᠢ ᠠᠵᠢᠯᠯᠠᠵᠤ ᠢᠷᠡᠵᠠᠢ᠃ 2007 ᠣᠨ ᠳ᠋ᠥ ᠪᠠᠷᠠᠭᠤᠨ ᠦᠵᠦᠮᠦᠴᠢᠨ ᠬᠤᠰᠢᠭᠤᠨ ᠳ᠋ᠠᠭᠠᠨ 《ᠠᠯᠳᠠᠨ ᠲᠦᠷᠦᠬᠡ》ᠰᠤᠶᠤᠯ ᠤᠷᠠᠯᠢᠭ ᠤᠨ ᠲᠠᠰᠤᠭ ᠬᠡᠮᠡᠬᠦ ᠰᠤᠶᠤᠯ ᠤᠨ ᠦᠢᠯᠡᠰ᠂ ᠲᠦᠷᠰᠤ ᠪᠢᠴᠢᠯᠬᠡ ᠰᠡᠭᠦᠳᠡᠷᠯᠡᠨ ᠦᠢᠯᠡᠳᠬᠦ ᠴᠢᠭᠯᠡᠯ ᠢᠶᠡᠷ ᠬᠤᠪᠢ ᠶᠢᠨ ᠵᠢᠷᠤᠭᠯᠠᠬᠤ ᠲᠠᠰᠤᠭ ᠢᠶᠠᠨ ᠪᠠᠢᠭᠤᠯᠵᠤ ᠤᠳᠤ ᠪᠤᠯᠳᠠᠯ᠎ᠠ ᠡᠵᠡᠩᠨᠡᠭᠰᠡᠭᠡᠷ ᠪᠠᠢᠨ᠎ᠠ᠃
 ᠪᠦᠬᠦᠨᠦᠳ · ᠴᠣᠭᠳᠤ᠂ ᠦᠪᠦᠷ ᠮᠤᠩᠭᠤᠯ ᠤᠨ ᠰᠢᠯᠢ ᠶᠢᠨ ᠭᠤᠤᠯ ᠠᠢᠮᠠᠭ ᠤᠨ ᠬᠦᠪᠡᠭᠡᠳᠣ ᠰᠢᠷ᠎ᠠ ᠬᠤᠰᠢᠭᠤᠨ ᠤ ᠤᠤᠯ ᠤᠨ ᠠᠷᠪᠠ ᠶᠢᠰᠦᠳᠦᠭᠡᠷ ᠰᠤᠮᠤ ᠶᠢᠨ ᠤᠤᠭᠠᠯ᠂ 1970 ᠣᠨ ᠤ 9 ᠰᠠᠷ᠎ᠠ ᠶᠢᠨ 26 ᠳ᠋ᠥ ᠪᠦᠬᠦᠨᠤᠳ ᠤᠪᠤᠭᠳᠣ ᠲᠠᠰᠢᠧᠠᠩᠳᠠᠢ᠂ ᠵᠤᠭᠳᠤᠷᠮ᠎ᠠ ᠶᠢᠨ ᠣᠳᠬᠠᠨ ᠬᠦᠪᠡᠭᠦᠨ ᠪᠤᠯᠤᠨ ᠵᠠᠶᠠᠭᠠᠪᠠ᠃ ᠰᠢᠯᠦᠭ ᠵᠤᠬᠢᠶᠠᠯ ᠳ᠋ᠥ ᠪᠠᠬᠠᠳᠠᠢ᠃ ᠤᠳᠤ ᠬᠦᠪᠡᠭᠡᠳᠣ ᠰᠢᠷ᠎ᠠ ᠬᠤᠰᠢᠭᠤᠨ ᠤ ᠪᠠᠶᠠᠠᠳᠠᠯ᠎ᠠ ᠰᠤᠮᠤᠨ ᠤ ᠬᠠᠳᠠᠠᠬᠤᠰᠢᠭᠤ ᠭᠠᠴᠠᠭᠠᠨ ᠳ᠋ᠥ ᠡᠴᠢᠬᠡ ᠶᠢᠨ ᠢᠰᠡᠭᠡᠢ ᠭᠡᠷ ᠦᠨ ᠭᠤᠯᠤᠮᠳᠠ ᠶᠢᠨ ᠭᠠᠯ ᠢ ᠪᠠᠳᠠᠷᠠᠭᠠᠵᠤ ᠮᠠᠯᠴᠢᠨ ᠵᠠᠶᠠᠭ᠎ᠠ ᠲᠦᠰᠢᠵᠦ ᠶᠠᠪᠤᠨ᠎ᠠ᠃  
  ᠢᠷᠡᠯᠳᠡ᠄ᠦᠪᠦᠷ ᠮᠣᠩᠭᠣᠯ ᠤᠨ ᠭᠢᠶᠠᠨ ᠰᠦᠯᠵᠢᠶ᠎ᠡ《ᠲᠤᠮᠳᠠᠳᠤ ᠤᠯᠤᠰ ᠤᠨ ᠮᠤᠩᠭᠤᠯ ᠬᠡᠯᠡᠡ ᠶᠢᠨ ᠰᠤᠨᠢᠠ ᠮᠠᠳᠡᠭᠡ ᠶᠢᠨ ᠰᠦᠯᠵᠢᠶ᠎ᠠ 》ᠡᠴᠡ ᠰᠢᠯᠵᠢᠬᠦᠯᠤᠨ ᠪᠠᠭᠤᠯᠭᠠᠪᠠ

牧民朝克图原创歌曲《我神圣的银色敖包》

Posted in ᠵᠤᠴᠢᠨ ᠬᠤᠢ᠌ᠮᠤᠷ| 每日嘉宾 and tagged .