《ᠮᠤᠩᠭ᠋ᠤᠯ ᠰᠤᠳᠤᠯᠤᠯ ᠤᠨ ᠨᠡᠪᠲᠡᠷᠬᠡᠢ ᠲᠤᠯᠢ》 ᠵᠢ ᠪᠡᠯᠡᠭᠯᠡᠨ ᠬᠦᠷᠬᠡᠬᠦ ··首府20所学校获赠《蒙古学百科全书》

《ᠮᠤᠩᠭ᠋ᠤᠯ ᠰᠤᠳᠤᠯᠤᠯ ᠤᠨ ᠨᠡᠪᠲᠡᠷᠬᠡᠢ ᠲᠤᠯᠢ》 ᠵᠢ ᠪᠡᠯᠡᠭᠯᠡᠨ ᠬᠦᠷᠬᠡᠬᠦ ᠶᠤᠰᠤᠯᠠᠯ ᠪᠤᠯᠪᠠ

ᠳᠡᠯᠡᠬᠡᠢ ᠶᠢᠨ ᠨᠤᠮ ᠤᠩᠰᠢᠬᠤ ᠡᠳᠦᠷ ᠬᠦᠷᠴᠦ ᠢᠷᠡᠬᠦ ᠲᠠᠰᠢᠷᠠᠮ ᠢᠶᠡᠷ᠂ ᠤᠷᠴᠢᠮ ᠤᠨ ᠡᠳᠤᠷ ᠬᠦᠬᠡᠬᠤᠲᠠ ᠶᠢᠨ ᠮᠤᠩᠭ᠋ᠤᠯ ᠦᠨᠳᠦᠰᠦᠲᠡᠨ  ᠤ ᠰᠤᠷᠭᠠᠭᠤᠯᠢ ᠳᠤ 《ᠮᠤᠩᠭ᠋ᠤᠯ ᠰᠤᠳᠤᠯᠤᠯ ᠤᠨ ᠨᠡᠪᠲᠡᠷᠬᠡᠢ ᠲᠤᠯᠢ》 ᠵᠢ ᠪᠡᠯᠡᠭᠯᠡᠨ ᠬᠦᠷᠬᠡᠬᠦ ᠶᠤᠰᠤᠯᠠᠯ ᠪᠤᠯᠵᠦ᠂ ᠬᠦᠬᠡᠬᠤᠲᠠ ᠶᠢᠨ ᠮᠤᠩᠭ᠋ᠤᠯ ᠦᠨᠳᠦᠰᠦᠲᠡᠨ  ᠤ ᠰᠤᠷᠭᠠᠭᠤᠯᠢ᠂ ᠦᠪᠦᠷ ᠮᠤᠩᠭ᠋ᠤᠯ ᠤᠨ ᠪᠠᠬᠰᠢ ᠶᠢᠨ ᠶᠡᠬᠡ ᠰᠤᠷᠭᠠᠭᠤᠯᠢ ᠶᠢᠨ ᠬᠠᠷᠢᠶᠠᠲᠤ ᠳᠤᠮᠳᠠᠳᠤ ᠰᠤᠷᠭᠠᠭᠤᠯᠢ ᠵᠡᠷᠭᠡ ᠵᠢ ᠪᠠᠬᠲᠠᠭᠠᠬᠰᠠᠨ ᠬᠦᠬᠡᠬᠤᠲᠠ ᠤᠷᠤᠨ ᠤ 20 ᠦᠨᠳᠦᠰᠦᠲᠡᠨ ᠤ ᠳᠤᠮᠳᠠ ᠪᠠᠭ᠎ᠠ ᠰᠤᠷᠭᠠᠭᠤᠯᠢ ᠪᠤᠯᠤᠨ ᠬᠡᠦᠬᠡᠳ ᠤᠨ ᠴᠡᠴᠡᠷᠯᠢᠭ ᠨᠢ ᠡᠨᠡ ᠲᠤᠮᠤᠬᠠᠨ ᠪᠡᠯᠡᠭ ᠢ ᠬᠦᠯᠢᠶᠡᠨ ᠠᠪᠴᠠᠢ᠃
  《ᠮᠤᠩᠭ᠋ᠤᠯ ᠰᠤᠳᠤᠯᠤᠯ ᠤᠨ ᠨᠡᠪᠲᠡᠷᠬᠡᠢ ᠲᠤᠯᠢ》 ᠪᠤᠯ ᠮᠤᠩᠭ᠋ᠤᠯ ᠰᠤᠳᠤᠯᠤᠯ ᠤᠨ ᠡᠯ᠎ᠡ ᠰᠠᠯᠪᠤᠷᠢ ᠰᠢᠨᠵᠢᠯᠡᠭᠡᠨ ᠤ ᠮᠡᠳᠡᠯᠭᠡ ᠶᠢᠨ ᠬᠤᠷᠢᠶᠠᠩᠭ᠋ᠤᠶᠢᠯᠠᠯ᠂ ᠡᠷᠲᠡᠨ ᠡᠳᠦᠭᠡ  ᠳᠡᠬᠢ ᠤᠯᠤᠰ ᠤᠨ ᠲᠤᠳᠤᠭᠠᠳᠤ ᠭᠠᠳᠠᠭᠠᠳᠤ ᠶᠢᠨ ᠮᠤᠩᠭ᠋ᠤᠯ ᠰᠤᠳᠤᠯᠤᠯ ᠤᠨ ᠦᠨᠳᠦᠰᠦᠨ ᠮᠡᠳᠡᠯᠭᠡ᠂ ᠦᠨᠳᠦᠰᠦᠨ ᠤᠨᠤᠯ᠂ ᠦᠨᠳᠦᠰᠦᠨ ᠤᠬᠠᠬᠳᠠᠬᠤᠨ ᠢ ᠤᠶᠢᠯᠠᠭᠠᠬᠤ ᠶᠡᠷᠦᠩᠬᠡᠶᠢᠯᠡᠭᠰᠡᠨ ᠪᠠᠭᠠᠵᠢ ᠪᠢᠴᠢᠭ᠌ ᠪᠤᠯᠬᠤ ᠪᠦᠭᠡᠳ ᠮᠦᠨ ᠮᠤᠩᠭ᠋ᠤᠯ ᠰᠤᠳᠤᠯᠤᠯ ᠢ ᠰᠤᠷᠴᠦ ᠰᠤᠳᠤᠯᠬᠤ ᠰᠤᠩᠭ᠋ᠤᠳᠠᠬ ᠪᠦᠲᠦᠭᠡᠯ ᠪᠤᠯᠬᠤ ᠶᠤᠮ᠃ ᠲᠤᠰ ᠲᠤᠯᠢ ᠪᠢᠴᠢᠭ᠌ ᠢ ᠨᠠᠶᠢᠷᠠᠭᠤᠯᠵᠦ ᠬᠡᠪᠯᠡᠭᠦᠯᠬᠦ ᠠᠵᠢᠯ 1998 ᠤᠨ ᠡᠴᠡ ᠡᠬᠢᠯᠡᠵᠦ᠂ ᠤᠯᠤᠰ ᠤᠨ ᠳᠤᠳᠤᠭᠠᠳᠤ ᠭᠠᠳᠠᠭᠠᠳᠤ ᠶᠢᠨ 300 ᠰᠢᠬᠠᠮ ᠡᠷᠳᠡᠮᠳᠡᠳ ᠤᠷᠤᠯᠴᠠᠨ᠂ 20 ᠰᠢᠨᠵᠢᠯᠡᠭᠡᠨ ᠤ ᠪᠤᠳᠢ ᠳᠤ ᠬᠤᠪᠢᠶᠠᠵᠦ᠂ ᠮᠤᠩᠭ᠋ᠤᠯ ᠬᠢᠲᠠᠳ ᠬᠤᠶᠠᠷ ᠵᠦᠢᠯ ᠤᠨ ᠦᠰᠦᠭ ᠪᠢᠴᠢᠭ᠌ ᠢᠶᠡᠷ ᠬᠡᠪᠯᠡᠭᠦᠯᠵᠡᠢ᠃ ᠤᠳᠤ ᠪᠤᠯᠬᠤ ᠳᠤ 28 ᠪᠤᠳᠢ ᠵᠢ ᠨᠢᠭᠡᠨᠲᠡ ᠬᠡᠪᠯᠡᠭᠦᠯᠵᠦ᠂ 12 ᠪᠤᠳᠢ ᠵᠢ ᠨᠢ ᠶᠠᠬ ᠬᠡᠪᠯᠡᠭᠦᠯᠬᠦ ᠪᠡᠷ ᠪᠤᠯᠤᠭᠠᠳ ᠪᠤᠢ᠃
   ᠢᠷᠡᠯᠳᠡ᠄ᠦᠪᠦᠷ ᠮᠣᠩᠭᠣᠯ ᠤᠨ ᠭᠢᠶᠠᠨ ᠰᠦᠯᠵᠢᠶ᠎ᠡ《ᠰᠢᠨᠬᠤᠸᠠ ᠮᠤᠩᠭ᠋ᠤᠯ ᠨᠧᠲ 》ᠡᠴᠡ ᠰᠢᠯᠵᠢᠬᠦᠯᠤᠨ ᠪᠠᠭᠤᠯᠭᠠᠪᠠ

 

首府20所学校获赠《蒙古学百科全书》

为迎接世界读书日和“书香内蒙古·共圆中国梦”活动,日前,呼和浩特教育局、蒙古学百科全书总编辑委员会和内蒙古蒙古学百科全书基金会联合举办的《蒙古学百科全书》捐赠仪式在首府举行,赛罕区民族中学、新城区蒙古族幼儿园和内蒙古师范大学等20所学校得到捐赠。
  《蒙古学百科全书》分为古代史卷,近现代史卷、语言文字卷等20个学科卷,是蒙古学各学科知识的总汇,是了解古今中外蒙古学基本知识、基本概念、基本理论的综合性工具书。该书由近300位中外专家学者历时20年编撰完成,以蒙汉两种文字分卷出版,是自治区一项重大的文化工程。目前,已出版28卷本,还有12卷本已进入出版程序。
    来源:内蒙古启言网摘自《内蒙古日报社融媒体》

Posted in ᠰᠤᠶᠤᠯ ᠤᠷᠠᠯᠢᠭ |文化信息 and tagged .