ᠰᠡᠴᠡᠨᠴᠣᠭᠳᠣ 《ᠲᠦᠷᠦ ᠶᠢᠨ ᠰᠤᠶᠤᠷᠬᠠᠯᠳᠦ ᠴᠢᠳᠠᠪᠤᠷᠢᠳᠠᠨ》 ᠢᠶᠠᠷ ᠲᠤᠳᠤᠷᠠᠯ᠎ᠠ斯琴朝克图成为国家“万人计划”领军人物

 

ᠰᠡᠴᠡᠨᠴᠣᠭᠳᠣ《 ᠲᠦᠷᠦ ᠶᠢᠨ ᠰᠤᠶᠤᠷᠬᠠᠯᠳᠦ ᠴᠢᠳᠠᠪᠤᠷᠢᠳᠠᠨ 》 ᠢᠶᠠᠷ ᠲᠤᠳᠤᠷᠠᠯ᠎ᠠ

ᠲᠦᠪ ᠦᠨ ᠦᠨᠳᠦᠰᠦᠳᠡᠨ ᠦ ᠶᠡᠬᠡ ᠰᠣᠷᠭᠠᠭᠣᠯᠢ ᠵᠢᠨ ᠫᠷᠣᠹᠧᠰᠰᠣᠷ᠂ ᠨᠡᠷᠡᠲᠦ ᠬᠦᠭᠵᠢᠮ ᠦᠨ ᠵᠤᠬᠢᠶᠠᠯᠴᠢ ᠰᠡᠴᠡᠨᠴᠣᠭᠳᠣ ᠦᠨᠦᠬᠡᠨ ᠣᠯᠣᠰ ᠤᠨ ᠭᠣᠷᠪᠠᠳᠣᠭᠠᠷ ᠪᠦᠯᠦᠭ ᠦᠨ 《ᠲᠦᠷᠦ ᠵᠢᠨ ᠰᠤᠶᠤᠷᠬᠠᠯᠳᠦ ᠲᠦᠮᠡᠨ ᠴᠢᠳᠠᠪᠣᠷᠢᠳᠠᠨ ᠤ ᠲᠦᠰᠦᠪ》 ᠤᠨ ᠬᠦᠨ ᠣᠬᠠᠭᠠᠨ ᠨᠡᠢᠬᠡᠮ ᠦᠨ ᠰᠢᠨᠵᠢᠯᠡᠬᠦ ᠣᠬᠠᠭᠠᠨ ᠤ ᠴᠢᠭᠯᠡᠯ ᠦᠨ ᠮᠠᠩᠯᠠᠢᠯᠠᠭᠴᠢ ᠴᠢᠳᠠᠪᠣᠷᠢᠳᠠᠨ ᠵᠶᠠᠷ ᠰᠢᠯᠢᠭᠳᠡᠵᠡᠢ᠃
   ᠰᠡᠴᠡᠨᠴᠣᠭᠳᠣ ᠪᠤᠯ ᠮᠣᠩᠭᠣᠯ ᠦᠨᠳᠦᠰᠦᠳᠡᠨ ᠦ ᠠᠯᠳᠠᠷᠳᠤ ᠬᠦᠭᠵᠢᠮ ᠦᠨ ᠣᠬᠠᠭᠠᠨ ᠤ ᠳ᠋ᠣᠺᠲᠣᠷ᠂ ᠣᠯᠣᠰ ᠤᠨ ᠨᠢᠬᠡᠳᠦᠬᠡᠷ ᠲᠡᠰ ᠦᠨ ᠠᠶᠠᠯᠭᠣ ᠵᠣᠬᠢᠶᠠᠭᠴᠢ ᠪᠤᠯᠤᠨ᠎ᠠ᠂ ᠲᠡᠷᠡ ᠤᠳᠤ ᠲᠦᠪ ᠦᠨ ᠦᠨᠳᠦᠰᠦᠳᠡᠨ ᠦ ᠶᠡᠬᠡ ᠰᠣᠷᠭᠠᠭᠣᠯᠢ ᠵᠢᠨ ᠲᠠᠭᠣᠣ ᠬᠦᠭᠵᠢᠮ ᠦᠨ ᠲᠡᠭᠡᠳᠣ ᠰᠣᠷᠭᠠᠭᠣᠯᠢ ᠵᠢᠨ ᠡᠷᠳᠡᠮ ᠮᠡᠷᠭᠡᠵᠢᠯ ᠦᠨ ᠲᠠᠭᠠᠭᠣᠯᠣᠭᠴᠢ᠂ ᠬᠣᠶᠠᠳᠣᠭᠠᠷ ᠲᠡᠰ ᠦᠨ ᠫᠷᠣᠹᠧᠰᠰᠣᠷ᠂ ᠠᠰᠫᠢᠷᠠᠨᠲ ᠤᠨ ᠵᠢᠯᠣᠭᠣᠳᠣᠭᠴᠢ ᠪᠠᠭᠰᠢ᠂ ᠲᠣᠮᠳᠠᠳᠣ ᠣᠯᠣᠰ ᠤᠨ ᠲᠠᠭᠣᠣ ᠬᠦᠭᠵᠢᠮᠴᠢᠳ ᠦᠨ ᠨᠡᠢᠬᠡᠮᠯᠢᠭ ᠦᠨ ᠬᠡᠰᠢᠬᠦᠨ ᠵᠶᠠᠷ ᠠᠵᠢᠯᠯᠠᠵᠦ ᠪᠠᠢᠨ᠎ᠠ᠃ ᠲᠡᠷᠨ ᠤᠷᠢᠳ ᠬᠤᠵᠢᠳ ᠨᠠᠮ ᠤᠨ ᠲᠦᠪ ᠬᠤᠷᠢᠶᠠᠨ ᠤ ᠣᠬᠠᠭᠣᠯᠬᠣ ᠬᠡᠯᠳᠡᠰ ᠦᠨ ᠰᠣᠶᠣᠯ ᠤᠨ ᠨᠡᠷᠡᠳᠣ ᠵᠢᠳᠭᠦᠯᠳᠡᠨ ᠵᠡᠷᠭᠡ ᠢᠷᠠᠭᠤ ᠠᠯᠳᠠᠷ ᠵᠶᠠᠷ ᠴᠣᠯᠠᠯᠠᠭᠳᠠᠵᠦ᠂ ᠲᠦᠷᠦ ᠵᠢᠨ ᠶᠠᠪᠣᠳᠠᠯ ᠤᠨ ᠬᠣᠷᠢᠶᠠᠨ ᠤ ᠤᠨᠴᠠ ᠰᠤᠶᠤᠷᠬᠠᠯ ᠢ ᠬᠦᠷᠳᠡᠨ᠂ ᠰᠣᠷᠭᠠᠨ ᠬᠦᠮᠦᠵᠢᠯ ᠦᠨ ᠶᠠᠮᠣᠨ ᠤ 《ᠰᠢᠨ᠎ᠠ ᠡᠷᠡᠨ ᠦ ᠰᠢᠯᠢᠳᠡᠭ ᠴᠢᠳᠠᠪᠣᠷᠢᠳᠠᠨ ᠢ ᠲᠡᠮᠵᠢᠬᠦ ᠲᠦᠰᠦᠪ》 ᠤᠨ ᠴᠢᠳᠠᠪᠣᠷᠢᠳᠠᠨ᠂ ᠪᠦᠬᠦ ᠣᠯᠣᠰ ᠤᠨ ᠲᠠᠪᠤᠨ ᠰᠠᠷ᠎ᠠ ᠵᠢᠨ ᠨᠢᠭᠡᠨ ᠦ ᠬᠦᠳᠡᠯᠮᠦᠷᠢ ᠵᠢᠨ ᠮᠧᠳᠠᠯ᠂ ᠦᠪᠦᠷ ᠮᠣᠩᠭᠣᠯ ᠤᠨ ᠦᠪᠡᠷᠳᠡᠬᠡᠨ ᠵᠠᠰᠠᠬᠣ ᠣᠷᠣᠨ ᠤ ᠵᠠᠰᠠᠭ ᠤᠨ ᠣᠷᠳᠣᠨ ᠤ ᠢᠳᠡᠷ ᠵᠠᠯᠠᠭᠣᠴᠣᠳ ᠤᠨ ᠲᠣᠪᠣᠢᠮ᠎ᠠ ᠵᠢᠳᠬᠦᠯ ᠦᠵᠡᠭᠦᠯᠦᠭᠰᠡᠨ ᠱᠠᠩᠨᠠᠯ᠂ ᠣᠯᠣᠰ ᠤᠨ ᠦᠨᠳᠦᠰᠦᠳᠡᠨ ᠦ ᠬᠡᠷᠡᠭ ᠡᠷᠬᠢᠯᠡᠬᠦ ᠺᠣᠮᠢᠰ ᠪᠠ ᠡᠪ ᠬᠠᠮᠳᠣ ᠵᠠᠯᠠᠭᠣᠴᠣᠳ ᠤᠨ ᠡᠪᠯᠡᠯ ᠦᠨ ᠲᠦᠪ ᠬᠣᠷᠢᠶᠠᠨ ᠤ ᠭᠣᠷᠪᠠᠳᠣᠭᠠᠷ ᠬᠣᠭᠣᠴᠠᠭᠠᠨ ᠤ ᠴᠦᠬᠡᠨ ᠲᠤᠭᠠᠳᠤ ᠦᠨᠳᠦᠰᠦᠳᠡᠨ ᠦ ᠵᠠᠯᠠᠭᠣᠴᠣᠳ ᠤᠨ 《ᠪᠦᠯᠬᠦᠮᠳᠡᠯ ᠲᠠᠪᠰᠢᠯᠳᠠ ᠵᠢᠨ ᠭᠠᠷᠮᠠᠭᠠᠢ ᠮᠧᠳᠠᠯ》᠂ ᠪᠦᠬᠦ ᠣᠯᠣᠰ ᠤᠨ ᠠᠷᠪᠠᠨ ᠨᠢᠬᠡᠳᠦᠬᠡᠷ ᠬᠣᠭᠣᠴᠠᠭᠠᠨ ᠤ 《ᠵᠠᠯᠠᠭᠣᠴᠣᠳ ᠤᠨ ᠲᠠᠪᠤᠨ ᠰᠠᠷ᠎ᠠ ᠵᠢᠨ ᠲᠦᠷᠪᠡᠨ ᠦ ᠮᠧᠳᠠᠯ》 ᠵᠡᠷᠬᠡ ᠣᠯᠣᠰ ᠤᠷᠤᠨ᠂ ᠮᠣᠵᠢ ᠶᠠᠮᠣᠨ ᠤ ᠲᠡᠰ ᠦᠨ ᠣᠯᠠᠨ ᠠᠷᠪᠢᠨ ᠢᠷᠠᠭᠣ ᠠᠯᠳᠠᠷ ᠤᠨ ᠮᠧᠳᠠᠯ ᠵᠶᠠᠷ ᠡᠩᠬᠡᠷ ᠵᠶᠠᠨ ᠮᠢᠯᠢᠶᠠᠯᠭᠠᠭᠰᠠᠨ ᠶᠤᠮ᠃
   ᠲᠡᠭᠦᠨ ᠦ ᠲᠦᠯᠦᠭᠡᠯᠡᠬᠦ ᠪᠦᠲᠦᠬᠡᠯ ᠳ᠋ᠤ 《ᠬᠦᠬᠡ ᠮᠣᠩᠭᠣᠯ ᠤᠨ ᠦᠨᠳᠦᠷᠯᠢᠭ》《 ᠪᠢ ᠲᠠᠯ᠎ᠠ ᠨᠣᠳᠣᠭ ᠲᠠᠢ ᠢᠶᠠᠨ ᠪᠣᠯᠵᠣᠭ᠎ᠠ ᠲᠠᠢ》《 ᠵᠢᠷᠦᠬᠡᠨ ᠦ ᠡᠷᠢᠯ》(ᠮᠣᠩᠭᠣᠯ ᠬᠢᠳᠠᠳ ᠬᠡᠯᠨ ᠢᠶᠡᠷ)《ᠰᠡᠳᠬᠢᠯ ᠳ᠋ᠣ ᠬᠣᠨᠣᠭᠰᠢᠭᠰᠠᠨ ᠨᠣᠳᠣᠭ》《ᠰᠢᠯᠢ ᠵᠢᠨ ᠭᠣᠣᠯ ᠤᠨ ᠲᠠᠯ᠎ᠠ ᠨᠣᠳᠣᠭ》《ᠬᠣᠯᠨ ᠵᠢᠨ ᠴᠡᠩᠬᠡᠷ ᠨᠣᠳᠣᠭ》 ᠵᠡᠷᠬᠡ ᠪᠣᠢ᠃ ᠲᠡᠷᠨ ᠢᠶᠡᠷ ᠣᠷᠢᠳ ᠬᠣᠵᠢᠳ 700 ᠭᠠᠷᠣᠢ ᠲᠠᠭᠣᠣ ᠵᠢᠨ ᠬᠦᠭᠵᠢᠮ ᠢ ᠵᠣᠬᠢᠶᠠᠨ ᠪᠦᠲᠦᠬᠡᠵᠦ᠂ ᠨᠡᠢᠬᠡᠮ ᠦᠨ ᠡᠯ᠎ᠡ ᠡᠳᠡᠬᠡᠳ ᠦᠨ ᠰᠢᠯᠢᠳᠡᠭ ᠰᠠᠢᠨ ᠦᠨᠡᠯᠡᠬᠡ ᠵᠢ ᠣᠯᠵᠡᠢ᠃
   ᠢᠷᠡᠯᠳᠡ᠄ᠦᠪᠦᠷ ᠮᠣᠩᠭᠣᠯ ᠤᠨ ᠭᠢᠶᠠᠨ ᠰᠦᠯᠵᠢᠶ᠎ᠡ《ᠲᠤᠮᠳᠠᠳᠤ ᠤᠯᠤᠰ ᠤᠨ ᠮᠤᠩᠭᠤᠯ ᠬᠡᠯᠡᠡ ᠶᠢᠨ ᠰᠤᠨᠢᠠ ᠮᠠᠳᠡᠭᠡ ᠶᠢᠨ ᠰᠦᠯᠵᠢᠶ᠎ᠠ 》ᠡᠴᠡ ᠰᠢᠯᠵᠢᠬᠦᠯᠤᠨ ᠪᠠᠭᠤᠯᠭᠠᠪᠠ

斯琴朝克图成为国家“万人计划”领军人物

中央民族大学音乐学院教授、学科带头人斯琴朝克图成为第三批国家“万人计划”哲学社会科学领军人才。
  斯琴朝克图国家一级作曲、博士、硕士研究生导师。中国音乐家协会会员。作品创作风格多元化,是蒙古族青年一代作曲界的领军人物。曾获得全国五一劳动奖章,先后获得中宣部文化系统四个一批人才等多项荣誉,享受国务院特殊津贴。其代表作品《蓝色的蒙古高原》、《我和草原有个约定》(作曲)等家喻户晓。
  代表歌曲作品有《蓝色的蒙古高原》《我和草原有个约定》《心之寻》(蒙汉语)《锡林郭勒大草原》《心中的故乡》《深秋凉风》等。共创作出700百多种音乐作品,成为国家“万人计划”领军人物。
    来源:内蒙古启言网摘自《互联网》改编

Posted in ᠵᠤᠴᠢᠨ ᠬᠤᠢ᠌ᠮᠤᠷ| 每日嘉宾 and tagged .