ᠲᠡᠭᠡᠳᠣ ᠮᠤᠩᠭᠤᠯ ᠬᠠᠢᠷ᠎ᠠ ᠶᠢᠨ ᠲᠠᠭᠤᠤ 《 ᠴᠢᠮᠠᠢ ᠪᠠᠨ ᠰᠠᠨᠠᠬᠤ ᠳ᠋ᠥ》青海蒙古族爱情歌曲《想你的时候》

 

青海蒙古族爱情歌曲《想你的时候》

ᠴᠢᠮᠠᠢ ᠪᠠᠨ ᠰᠠᠨᠠᠬᠤ ᠳ᠋ᠥ

    ᠲᠡᠭᠡᠳᠣ ᠮᠤᠩᠭᠤᠯ ᠬᠠᠢᠷ᠎ᠠ ᠶᠢᠨ ᠲᠠᠭᠤᠤ
       ᠱ · ᠲᠦᠭᠦᠷᠰᠦᠷᠦᠩ ᠡᠮᠬᠢᠳᠬᠡᠨ ᠨᠠᠢᠷᠠᠭᠤᠯᠪᠠ
       ᠲᠠᠭᠤᠴᠢᠨ᠄ ᠶᠠᠩᠵᠢᠨᠼᠤᠤ᠂ ᠴᠤᠯᠮᠤᠨ

   ᠬᠠᠳᠠᠨ ᠲᠤᠮᠳᠠᠭᠤᠷ ᠶᠠᠪᠤᠬᠤ ᠳ᠋ᠥ
     ᠬᠠᠷᠴᠠᠭᠠᠢ ᠰᠢᠪᠠᠭᠤᠨ ᠬᠠᠯᠢᠨ᠎ᠠ
     ᠬᠠᠢᠷᠠᠳᠠᠢ ᠴᠢᠮᠠᠢ ᠪᠠᠨ ᠰᠠᠨᠠᠬᠤ ᠳ᠋ᠥ v
     ᠬᠠᠯᠢᠶᠠᠭᠠᠳ ᠬᠦᠷᠦᠮᠡᠷ ᠰᠠᠨᠠᠭᠳᠠᠨ᠎ᠠ

   ᠠᠭᠤᠯᠠᠨ ᠲᠤᠮᠳᠠᠭᠤᠷ ᠶᠠᠪᠤᠬᠤ ᠳ᠋ᠥ
     ᠣᠯᠢᠷ ᠰᠢᠪᠠᠭᠤᠨ ᠲᠤᠩᠭᠤᠳᠤᠨ᠎ᠠ
     ᠤᠶᠠᠬᠠᠨ ᠴᠢᠮᠠᠢ ᠪᠠᠨ ᠰᠠᠨᠠᠬᠤ ᠳ᠋ᠥ
     ᠤᠴᠢᠭᠠᠳ ᠵᠤᠯᠭᠠᠮᠠᠷ ᠰᠠᠨᠠᠭᠳᠠᠨ᠎ᠠ

   ᠨᠤᠲᠤᠭ ᠤᠨ ᠲᠤᠮᠳᠠᠭᠤᠷ ᠶᠠᠪᠤᠬᠤ ᠳ᠋ᠥ
     ᠨᠤᠭᠤᠰᠤ ᠰᠢᠪᠠᠭᠤᠨ ᠵᠢᠷᠭᠢᠨ᠎ᠡ
     ᠨᠢᠭᠤᠴᠠᠬᠠᠨ ᠴᠢᠮᠠᠢ ᠪᠠᠨ ᠰᠠᠨᠠᠬᠤ ᠳ᠋ᠥ
     ᠨᠢᠰᠦᠭᠡᠳ ᠬᠦᠷᠦᠮᠡᠷ ᠰᠠᠨᠠᠭᠳᠠᠨ᠎ᠠ

   ᠬᠦᠳᠡᠭᠡ ᠲᠤᠮᠳᠠᠭᠤᠷ ᠶᠠᠪᠤᠬᠤ ᠳ᠋ᠥ
     ᠬᠦᠷᠬᠡᠯᠵᠡᠨ ᠰᠢᠪᠠᠭᠤᠨ ᠵᠢᠷᠭᠢᠨ᠎ᠡ
     ᠬᠦᠬᠡᠷᠦᠬᠦᠨ ᠴᠢᠮᠠᠢ ᠪᠠᠨ ᠰᠠᠨᠠᠬᠤ ᠳ᠋ᠥ
     ᠬᠦᠷᠦᠬᠡᠳ ᠵᠤᠯᠭᠠᠮᠠᠷ ᠰᠠᠨᠠᠭᠳᠠᠨ᠎ᠠ

   ᠬᠤᠯᠤᠰᠤᠨ ᠲᠤᠮᠳᠠᠭᠤᠷ ᠶᠠᠪᠤᠬᠤ ᠳ᠋ᠥ
     ᠬᠤᠯᠠᠨ ᠵᠢᠷᠤᠭ᠎ᠠ ᠵᠢᠷᠭᠢᠨ᠎ᠡ
     ᠬᠤᠩᠭᠤᠷ ᠴᠢᠮᠠᠢ ᠪᠠᠨ ᠰᠠᠨᠠᠬᠤ ᠳ᠋ᠥ
     ᠬᠤᠷᠳᠤᠨ ᠵᠤᠯᠭᠠᠮᠠᠷ ᠰᠠᠨᠠᠭᠳᠠᠨ᠎ᠠ

   ᠡᠯᠡᠰᠦᠨ ᠲᠤᠮᠳᠠᠭᠤᠷ ᠶᠠᠪᠤᠬᠤ ᠳ᠋ᠥ
     ᠡᠯᠢᠶ᠎ᠡ ᠰᠢᠪᠠᠭᠤᠨ ᠡᠷᠭᠢᠨ᠎ᠡ
     ᠡᠩᠭᠦᠷᠠᠢ ᠴᠢᠮᠠᠢ ᠪᠠᠨ ᠰᠠᠨᠠᠬᠤ ᠳ᠋ᠥ
     ᠡᠷᠭᠢᠵᠦ ᠵᠤᠯᠭᠠᠮᠠᠷ ᠰᠠᠨᠠᠭᠳᠠᠨ᠎ᠠ
ᠢᠷᠡᠯᠳᠡ᠄ᠦᠪᠦᠷ ᠮᠣᠩᠭᠣᠯ ᠤᠨ ᠭᠢᠶᠠᠨ ᠰᠦᠯᠵᠢᠶ᠎ᠡ《ᠲᠤᠮᠳᠠᠳᠤ ᠤᠯᠤᠰ ᠤᠨ ᠮᠤᠩᠭᠤᠯ ᠬᠡᠯᠡᠡ ᠶᠢᠨ ᠰᠤᠨᠢᠠ ᠮᠠᠳᠡᠭᠡ ᠶᠢᠨ ᠰᠦᠯᠵᠢᠶ᠎ᠠ 》ᠡᠴᠡ ᠰᠢᠯᠵᠢᠬᠦᠯᠤᠨ ᠪᠠᠭᠤᠯᠭᠠᠪᠠ

Posted in ᠵᠤᠴᠢᠨ ᠬᠤᠢ᠌ᠮᠤᠷ| 每日嘉宾 and tagged .