ᠮᠠᠨ ᠤ ᠣᠯᠣᠰ ᠭᠠᠷ ᠲᠠᠮᠵᠢᠭᠰᠠᠨ ᠮᠠᠰᠢᠨ ᠲᠡᠷᠭᠡᠨ ᠦ ᠰᠢᠯᠵᠢᠭᠦᠯᠦᠨ ᠨᠡᠭᠦᠯᠭᠡᠬᠦ ᠶᠢ ···我国全面取消二手车限迁政策

ᠮᠠᠨ ᠤ ᠣᠯᠣᠰ ᠭᠠᠷ ᠲᠠᠮᠵᠢᠭᠰᠠᠨ ᠮᠠᠰᠢᠨ ᠲᠡᠷᠭᠡᠨ ᠦ ᠰᠢᠯᠵᠢᠭᠦᠯᠦᠨ ᠨᠡᠭᠦᠯᠭᠡᠬᠦ ᠶᠢ ᠬᠢᠵᠠᠭᠠᠷᠯᠠᠬᠣ ᠲᠥᠷᠦ ᠶᠢᠨ ᠪᠣᠳᠣᠯᠭ᠎ᠠ ᠶᠢ ᠪᠦᠬᠦ ᠲᠠᠯ᠎ᠠ ᠪᠠᠷ ᠬᠦᠴᠦᠨ ᠦᠭᠡᠢ ᠪᠣᠯᠭᠠᠨ᠎ᠠ

ᠵᠠᠰᠠᠭ ᠤᠨ ᠣᠷᠳᠣᠨ ᠤ ᠠᠵᠢᠯ ᠤᠨ ᠢᠯᠡᠳᠭᠡᠯ ᠳ᠋ᠥ ᠳᠣᠷᠠᠳᠣᠭᠰᠠᠨ ᠢᠶᠠᠷ ᠂ ᠰᠢᠨ᠎ᠡ ᠡᠨᠧᠷᠭᠢ  ᠶᠢᠨ ᠰᠣᠷᠪᠣᠯᠵᠢ  ᠶᠢᠨ ᠮᠠᠰᠢᠨ ᠲᠡᠷᠭᠡ ᠬᠣᠳᠠᠯᠳᠣᠨ ᠠᠪᠬᠣ ᠭᠠᠢᠯᠢ ᠶᠢᠨ ᠬᠠᠷᠠᠭᠠᠯᠵᠠᠯ ᠤᠨ ᠲᠥᠷᠦ  ᠶᠢᠨ ᠪᠣᠳᠣᠯᠭ᠎ᠠ  ᠶᠢ ᠲᠠᠬᠢᠨ ᠭᠣᠷᠪᠠᠨ ᠵᠢᠯ ᠣᠷᠳᠣᠳᠬᠠᠵᠣ ᠂ ᠭᠠᠷ ᠲᠠᠮᠵᠢᠭᠰᠠᠨ ᠮᠠᠰᠢᠨ ᠲᠡᠷᠭᠡᠨ ᠦ ᠰᠢᠯᠵᠢᠭᠦᠯᠦᠨ ᠨᠡᠭᠦᠯᠭᠡᠬᠦ ᠶᠢ ᠬᠢᠵᠠᠭᠠᠷᠯᠠᠬᠣ ᠲᠥᠷᠦ ᠶᠢᠨ ᠪᠣᠳᠣᠯᠭ᠎ᠠ  ᠶᠢ ᠪᠦᠬᠦ ᠲᠠᠯ᠎ᠠ ᠪᠠᠷ ᠬᠦᠴᠦᠨ ᠦᠭᠡᠢ ᠪᠣᠯᠭᠠᠨ᠎ᠠ ᠃ ᠲᠣᠰᠬᠠᠢ ᠮᠡᠷᠭᠡᠵᠢᠯᠲᠡᠨ ᠦ ᠬᠡᠯᠡᠬᠦ ᠪᠡᠷ ᠂ ᠡᠨᠡ ᠨᠢ ᠭᠠᠷ ᠲᠠᠮᠵᠢᠭᠰᠠᠨ ᠮᠠᠰᠢᠨ ᠲᠡᠷᠭᠡᠨ ᠦ ᠬᠡᠷᠡᠭᠯᠡᠭᠡ ᠶᠢᠨ ᠵᠠᠬ᠎ᠠ ᠲᠡᠯᠭᠡᠭᠦᠷ ᠦᠨ ᠲᠠᠯᠳᠠ ᠬᠦᠴᠦᠨ ᠢ ᠣᠯᠠᠮ ᠨᠢᠭᠡ ᠠᠯᠬᠣᠮ ᠪᠠᠲᠠᠷᠠᠭᠤᠯᠬᠤ ᠳ᠋ᠤ ᠠᠬᠢᠭᠤᠯᠬᠤ ᠤᠢᠯᠡᠳᠦᠯ ᠭᠠᠷᠭᠠᠬᠤ ᠪᠤᠯᠤᠨ᠎ᠠ ᠭᠡᠵᠡᠢ ᠃

ᠮᠠᠰᠢᠨ ᠲᠡᠷᠭᠡᠨ ᠦ ᠠᠵᠣ ᠦᠢᠯᠡᠳᠪᠦᠷᠢ ᠶᠢᠨ ᠦᠷᠭᠦᠯᠵᠢᠯᠡᠨ ᠲᠦᠷᠭᠡᠨ ᠬᠦᠭᠵᠢᠯᠲᠡ ᠪᠠ ᠠᠷᠠᠳ ᠤᠨ ᠠᠮᠢᠳᠣᠷᠠᠯ ᠤᠨ ᠲᠦᠪᠰᠢᠨ ᠦ ᠵᠢᠯ ᠡᠴᠠ ᠵᠢᠯ ᠲᠡᠭᠡᠭᠰᠢᠯᠡᠬᠦ ᠶᠢ ᠲᠠᠭᠠᠯᠳᠣᠨ ᠂ ᠮᠠᠨ ᠤ ᠣᠯᠣᠰ ᠨᠢᠭᠡᠨᠲᠡ ᠲᠡᠯᠡᠬᠡᠢ  ᠶᠢᠨ ᠮᠠᠰᠢᠨ ᠲᠡᠷᠭᠡᠨ  ᠤ ᠭᠠᠷᠣᠯᠲᠠ ᠪᠠ ᠬᠡᠷᠡᠭᠯᠡᠬᠡ ᠶᠢᠨ ᠲᠣᠮᠣ ᠣᠯᠣᠰ ᠤᠨ ᠡᠩᠨᠡᠭᠡᠨ ᠳ᠋ᠥ ᠣᠷᠣᠵᠠᠢ ᠃ ᠲᠣᠭ᠎ᠠ ᠪᠠᠷᠢᠮᠲᠠ ᠳ᠋ᠥ ᠢᠯᠡᠷᠡᠭᠰᠡᠨ ᠢᠶᠡᠷ ᠂ ᠣᠳᠣᠬᠠᠨ ᠳ᠋ᠥ ᠮᠠᠨ ᠤ ᠣᠯᠣᠰ ᠤᠨ ᠮᠠᠰᠢᠨ ᠲᠡᠷᠭᠡᠨ  ᠤ ᠬᠠᠳᠠᠭᠠᠯᠠᠯᠲᠠ ᠶᠢᠨ ᠬᠡᠮᠵᠢᠶ᠎ᠡ 2.17 ᠳ᠋ᠥᠩᠰᠢᠭᠣᠷ ᠲᠣ ᠬᠦᠷᠴᠦ ᠂ ᠭᠠᠷ ᠲᠠᠮᠵᠢᠭᠰᠠᠨ ᠮᠠᠰᠢᠨ ᠲᠡᠷᠭᠡᠨ  ᠤ ᠵᠠᠬ᠎ᠠ ᠲᠡᠯᠭᠡᠭᠦᠷ  ᠤᠨ ᠲᠠᠯᠳᠠ ᠬᠦᠴᠦᠨ ᠣᠨᠴᠠ ᠶᠡᠬᠡ ᠪᠠᠢᠨ᠎ᠠ ᠃

ᠪᠦᠬᠦ ᠣᠯᠣᠰ ᠤᠨ ᠠᠷᠠᠳ ᠤᠨ ᠲᠥᠯᠦᠭᠡᠯᠡᠭᠴᠢᠳ ᠦᠨ ᠶᠡᠬᠡ ᠬᠣᠷᠠᠯ  ᠤᠨ ᠲᠥᠯᠦᠭᠡᠯᠡᠭᠴᠢ ᠶᠢᠦ ᠯᠢᠶᠠᠩ ᠶᠢᠩ ᠰᠠᠨᠠᠭᠣᠯᠣᠭᠰᠠᠨ ᠨᠢ ᠂ ᠭᠠᠷ ᠲᠠᠮᠵᠢᠭᠰᠠᠨ ᠮᠠᠰᠢᠨ ᠲᠡᠷᠭᠡᠨ ᠦ ᠰᠢᠯᠵᠢᠭᠦᠯᠦᠨ ᠨᠡᠭᠦᠯᠭᠡᠬᠦ ᠶᠢ ᠬᠢᠵᠠᠭᠠᠷᠯᠠᠬᠣ ᠲᠥᠷᠦ ᠶᠢᠨ ᠪᠣᠳᠣᠯᠭ᠎ᠠ ᠶᠢ ᠪᠦᠬᠦ ᠲᠠᠯ᠎ᠠ ᠪᠠᠷ ᠬᠦᠴᠦᠨ ᠦᠭᠡᠢ ᠪᠣᠯᠭᠠᠭᠰᠠᠨ ᠡᠴᠠ ᠰᠡᠭᠦᠯᠡᠷ ᠂ ᠭᠠᠷ ᠲᠠᠮᠵᠢᠭᠰᠠᠨ ᠮᠠᠰᠢᠨ ᠲᠡᠷᠭᠡᠨ ᠦ ᠮᠡᠳᠡᠭᠡ ᠵᠠᠩᠭᠢ ᠪᠠ ᠢᠳᠡᠭᠡᠮᠵᠢ ᠶᠢᠨ ᠰᠢᠰᠲ᠋ᠧᠮ ᠤᠨ ᠪᠦᠲᠦᠭᠡᠨ ᠪᠠᠢᠭᠣᠯᠣᠯᠲᠠ ᠶᠢ ᠲᠦᠷᠭᠡᠪᠴᠢᠯᠡᠨ ᠠᠬᠢᠭᠣᠯᠵᠣ ᠂ ᠭᠠᠷ ᠲᠠᠮᠵᠢᠭᠰᠠᠨ ᠮᠠᠰᠢᠨ ᠲᠡᠷᠭᠡᠨ  ᠦ ᠰᠣᠯᠢᠯᠴᠠᠭᠠᠨ ᠤ ᠡᠮᠬᠢ ᠳᠢᠭᠯᠡᠮ ᠢ ᠵᠢᠷᠣᠮᠵᠢᠭᠣᠯᠣᠨ ᠂ ᠭᠠᠷ ᠲᠠᠮᠵᠢᠭᠰᠠᠨ ᠮᠠᠰᠢᠨ ᠲᠡᠷᠭᠡᠨ ᠦ ᠵᠠᠬ᠎ᠠ ᠲᠡᠯᠭᠡᠭᠦᠷ  ᠤᠨ ᠲᠠᠯᠳᠠ ᠶᠢᠨ ᠬᠦᠴᠦᠨ ᠢ ᠣᠯᠠᠮ ᠨᠢᠭᠡ ᠠᠯᠬᠣᠮ ᠲᠠᠯᠪᠢᠵᠤ ᠭᠠᠷᠭᠠᠬᠤ ᠵᠢ ᠠᠬᠢᠭᠤᠯᠪᠠᠯ ᠵᠤᠬᠢᠨ᠎ᠠ ︔ᠡᠭᠦᠨ ᠦ ᠬᠠᠮᠳᠣ ᠂ ᠮᠠᠰᠢᠨ ᠲᠡᠷᠭᠡᠨ ᠦ ᠲᠣᠨᠣᠭ ᠂ ᠰᠡᠯᠪᠢᠨ ᠵᠠᠰᠠᠬᠣ ᠂ ᠲᠠᠭᠠᠳᠬᠠᠯ ᠵᠡᠷᠭᠡ ᠬᠣᠯᠪᠣᠭᠳᠠᠯ ᠪᠦᠬᠦᠢ ᠦᠢᠯᠡᠴᠢᠯᠡᠭᠡᠨ ᠦ ᠬᠦᠭᠵᠢᠯᠲᠡ ᠶᠢ ᠲᠠᠢᠴᠢᠯᠠᠨ ᠂ ᠮᠠᠨ ᠤ ᠣᠯᠣᠰ ᠤᠨ ᠮᠠᠰᠢᠨ ᠲᠡᠷᠭᠡᠨ ᠦ ᠵᠠᠬ᠎ᠠ ᠲᠡᠯᠭᠡᠭᠦᠷ ᠦᠨ ᠪᠦᠲᠦᠴᠡ  ᠶᠢ ᠲᠠᠰᠣᠷᠠᠯᠲᠠ ᠦᠭᠡᠢ ᠰᠢᠯᠢᠳᠡᠭᠵᠢᠬᠦᠯᠬᠦ᠂ ᠲᠡᠭᠡᠳᠦ ᠶᠠᠰᠣ ᠴᠢᠨᠠᠷ ᠤᠨ ᠬᠦᠭᠵᠢᠯᠲᠡ ᠶᠢ ᠪᠡᠶᠡᠯᠡᠬᠦᠯᠬᠦ  ᠶᠢ ᠲᠦᠯᠬᠢᠨ ᠠᠬᠢᠭᠤᠯᠬᠤ ᠬᠡᠷᠡᠭᠲᠡᠢ ᠃

ᠪᠦᠷᠢᠳᠬᠡᠯ ᠢ ᠦᠨᠳᠦᠰᠦᠯᠡᠪᠡᠯ ᠂ 2017 ᠣᠨ ᠤ ᠪᠦᠬᠦ ᠣᠯᠣᠰ ᠤᠨ 1068 ᠡᠷᠦᠬᠡ ᠭᠠᠷ ᠲᠠᠮᠵᠢᠭᠰᠠᠨ ᠮᠠᠰᠢᠨ ᠲᠡᠷᠭᠡᠨ ᠦ ᠰᠣᠯᠢᠯᠴᠠᠭᠠᠨ ᠤ ᠵᠠᠬ᠎ᠠ ᠳ᠋ᠥ 1240.09 ᠲᠥᠮᠡᠨ ᠭᠠᠷ ᠲᠠᠮᠵᠢᠭᠰᠠᠨ ᠮᠠᠰᠢᠨ ᠲᠡᠷᠭᠡᠨ  ᠤ ᠰᠣᠯᠢᠯᠴᠠᠭ᠎ᠠ  ᠶᠢ ᠬᠣᠷᠠᠮᠳᠠᠭᠣᠯᠵᠣ ᠂ ᠠᠳᠠᠯᠢ ᠬᠣᠭᠣᠴᠠᠭᠠᠨ  ᠤ ᠡᠴᠠ 19.33 % ᠨᠡᠮᠡᠭᠳᠡᠵᠦ ᠂ ᠰᠣᠯᠢᠯᠴᠠᠭᠠᠨ  ᠤ ᠮᠥᠩᠭᠦ8092.72ᠳ᠋ᠥᠩᠰᠢᠭᠣᠷ ᠬᠦᠷᠴᠦ ᠂ ᠠᠳᠠᠯᠢ ᠬᠣᠭᠣᠴᠠᠭᠠᠨ ᠤ ᠡᠴᠠ 34% ᠨᠡᠮᠡᠭᠳᠡᠵᠡᠢ ᠃ 12 ᠰᠠᠷ᠎ᠠ ᠶᠢᠨ ᠬᠣᠪᠢ ᠳ᠋ᠥ 123.09 ᠲᠥᠮᠡᠨ ᠭᠠᠷ ᠲᠠᠮᠵᠢᠭᠰᠠᠨ ᠮᠠᠰᠢᠨ ᠰᠣᠯᠢᠯᠴᠠᠵᠣ ᠂ ᠠᠳᠠᠯᠢ ᠬᠣᠭᠣᠴᠠᠭᠠᠨ ᠣ ᠡᠴᠠ 13.85% ᠨᠡᠮᠡᠭᠳᠡᠨ ᠂ ᠰᠣᠯᠢᠯᠴᠠᠭᠠᠨ ᠤ ᠮᠥᠩᠭᠦ746.83 ᠳ᠋ᠥᠩᠰᠢᠭᠣᠷ ᠬᠦᠷᠴᠦ ᠂ ᠠᠳᠠᠯᠢ ᠬᠣᠭᠣᠴᠠᠭᠠᠨ  ᠤ ᠡᠴᠠ 11.04% ᠨᠡᠮᠡᠭᠳᠡᠵᠡᠢ ᠃

ᠢᠷᠡᠯᠲᠡ ᠄ ᠠᠷᠠᠳ ᠤᠨ ᠰᠦᠯᠵᠢᠶ᠎ᠡ

我国全面取消二手车限迁政策

政府工作报告提出,将新能源汽车车辆购置税优惠政策再延长三年,全面取消二手车限迁政策。专家表示,这将促进二手车消费市场潜力进一步释放。

  随着汽车工业的持续高速发展和人民生活水平的逐年提高,我国已步入世界汽车生产和消费大国行列。数据显示,目前我国汽车保有量达到2.17亿辆,二手车市场潜力巨大。

  全国人大代表尤良英建议,全面取消二手车限迁政策后,应加快推进二手车信息和信用体系建设,规范二手车交易秩序,促进二手车市场潜力进一步释放;同时带动汽配、维修、保险等相关服务业发展,推动我国汽车市场不断优化结构、实现高质量发展。

  据统计,2017年全国1068家二手车交易市场累计二手车交易1240.09万辆,同比增长19.33%,交易金额达8092.72亿元,同比增长高达34%。12月份二手车交易123.09万辆,同比增长13.85%,交易金额达746.83亿元,同比增长11.04%。(记者姜琳、阳建)

Posted in ᠲᠠᠨ ᠤ ᠠᠩᠬᠠᠷᠤᠯ ᠳ᠋ᠤ|热点信息 and tagged .