《 ᠰᠢᠨ᠎ᠡ ᠲᠦᠷᠪᠡᠨ ᠲᠤᠮᠤ ᠡᠬᠦᠳᠦᠯᠳᠡ》  ᠠᠷᠠᠳ ᠤᠨ ᠠᠮᠢᠳᠤᠷᠠᠯ ᠢ···“新四大发明”改变人民生活

《 ᠰᠢᠨ᠎ᠡ ᠲᠦᠷᠪᠡᠨ ᠲᠤᠮᠤ ᠡᠬᠦᠳᠦᠯᠳᠡ》  ᠠᠷᠠᠳ ᠤᠨ ᠠᠮᠢᠳᠤᠷᠠᠯ ᠢ ᠦᠭᠡᠷᠡᠴᠢᠯᠡᠵᠤ ᠪᠤᠢ

ᠦᠨᠦ ᠵᠢᠯ ᠤᠨ ᠵᠠᠰᠠᠭ ᠤᠨ ᠤᠷᠳᠤᠨ ᠤ ᠠᠵᠢᠯ ᠤᠨ ᠢᠯᠡᠳᠬᠡᠯ ᠳᠤ᠂ ᠲᠡᠯᠡᠬᠡᠢ ᠶᠢᠨ ᠰᠢᠨ᠎ᠡ ᠡᠭᠡᠯᠵᠢ ᠶᠢᠨ ᠰᠢᠨᠵᠢᠯᠡᠬᠦ ᠤᠬᠠᠭᠠᠨ ᠲᠧᠭᠨᠤᠯᠤᠬᠢ ᠶᠢᠨ ᠬᠤᠪᠢᠰᠬᠠᠯ ᠪᠤᠯᠤᠨ ᠠᠵᠤ ᠦᠢᠯᠡᠰ ᠤᠨ ᠦᠭᠡᠷᠡᠴᠢᠯᠡᠯᠳᠡ ᠶᠢᠨ ᠪᠠᠶᠢᠳᠠᠯ ᠲᠤᠤᠷ᠎ᠠ ᠰᠢᠨ᠎ᠡ ᠡᠬᠦᠳᠦᠯᠳᠡ ᠶᠢᠨ ᠬᠦᠳᠡᠯᠭᠡᠭ᠍ᠴᠢ ᠬᠦᠴᠦᠨ ᠤ ᠬᠦᠭ᠍ᠵᠢᠯᠳᠡ ᠶᠢᠨ ᠪᠠᠶᠢᠯᠳᠤᠬᠤ ᠪᠤᠳᠤᠯᠭ᠎ᠠ ᠶᠢ ᠬᠦᠨᠵᠡᠬᠡᠢ ᠬᠡᠷᠡᠭᠵᠢᠬᠦᠯᠵᠤ᠂ ᠡᠳ᠋ ᠤᠨ ᠵᠠᠰᠠᠭ ᠤᠨ ᠰᠢᠨ᠎ᠡ ᠶᠢ ᠡᠬᠦᠳᠬᠦ ᠬᠦᠴᠦᠨ ᠪᠤᠯᠤᠨ ᠦᠷᠢᠰᠦᠯᠳᠦᠬᠡᠨ ᠤ ᠬᠦᠴᠦᠨ ᠢ ᠲᠠᠰᠤᠷᠠᠯᠳᠠ ᠦᠭᠡᠢ ᠲᠡᠭᠡᠭ᠍ᠰᠢᠯᠡᠬᠦᠯᠦᠨ᠎ᠡ᠃ ᠤᠯᠤᠰ ᠤᠨ ᠰᠢᠨᠵᠢᠯᠡᠬᠦ ᠤᠬᠠᠭᠠᠨ ᠲᠧᠭᠨᠤᠯᠤᠬᠢ ᠢᠷᠬᠡᠳ ᠤᠨ ᠠᠮᠢᠳᠤᠷᠠᠯ ᠤᠨ ᠬᠦᠷᠢᠶᠡᠨ ᠳᠤ ᠢᠯᠡᠬᠦᠦ ᠬᠡᠯᠪᠡᠶᠢᠵᠤ᠂ ᠲᠤᠭᠤᠰᠤᠨᠴᠢᠷ ᠮᠠᠨᠠᠨ ᠢ ᠵᠠᠰᠠᠬᠤ᠂ ᠦᠮᠠᠨ ᠵᠡᠷᠬᠡ ᠬᠦᠨᠳᠤ ᠡᠪᠡᠳᠴᠢᠨ ᠢ ᠰᠡᠷᠬᠡᠶᠢᠯᠡᠨ ᠵᠠᠰᠠᠬᠤ ᠪᠤᠭᠤᠮᠳᠠ ᠶᠢ ᠴᠢᠩᠭ᠋ᠠᠳᠬᠠᠵᠤ᠂ ᠰᠢᠨᠵᠢᠯᠡᠬᠦ ᠤᠬᠠᠭᠠᠨ ᠲᠧᠭᠨᠤᠯᠤᠬᠢ ᠪᠡᠷ ᠠᠷᠠᠳ ᠲᠦᠮᠡᠨ ᠳᠤ ᠨᠡᠩ ᠰᠠᠶᠢᠨ ᠪᠤᠶᠠᠨ ᠦᠢᠯᠡᠳᠤᠬᠦᠯᠦᠨ᠎ᠡ ᠭᠡᠵᠤ ᠵᠢᠭᠠᠨ ᠭᠠᠷᠭᠠᠪᠠ᠃

2018 ᠤᠨ ᠤ ᠴᠠᠭᠠᠨ ᠰᠠᠷ᠎ᠠ ᠬᠦᠮᠦᠰ ᠬᠡᠷ ᠲᠤ ᠪᠠᠨ ᠬᠠᠷᠢᠬᠤ ᠳᠤ ᠨᠡᠩ ᠲᠦᠭᠦᠮ᠂ ᠲᠠᠭᠠᠯᠠᠮᠵᠢᠲᠠᠢ ᠪᠤᠯᠵᠠᠢ᠃ ᠲᠡᠳᠡ ᠭᠠᠯᠳᠤ ᠲᠡᠷᠬᠡᠨ ᠤ ᠦᠷᠳᠡᠬᠡᠨ ᠳᠤ ᠤᠴᠢᠵᠤ ᠮᠦᠷᠯᠡᠬᠦ ᠴᠢᠬᠤᠯᠠ ᠦᠭᠡᠢ᠂ ᠭᠠᠷ ᠤᠳᠠᠰᠤᠨ ᠤ APP  ᠢ᠋ᠶᠡᠷ ᠢᠶᠡᠨ ᠲᠠᠰᠤᠯᠪᠦᠷᠢ ᠬᠤᠳᠠᠯᠳᠤᠨ ᠠᠪᠴᠤ᠂ ᠪᠠᠰᠠ 《 ᠭᠠᠯᠳᠤ ᠲᠡᠷᠬᠡᠨ ᠤ ᠡᠬᠡᠯᠵᠢ ᠰᠤᠯᠢᠬᠤ》 ᠪᠤᠶᠤ 《 ᠰᠤᠮᠤᠨ ᠭᠠᠯᠳᠤ ᠶᠢᠨ ᠰᠠᠭᠤᠳᠠᠯ》 ᠰᠤᠩᠭ᠋ᠤᠵᠤ ᠪᠤᠯᠬᠤ ᠪᠡᠷ ᠪᠠᠷᠠᠬᠤ ᠦᠭᠡᠢ ᠸᠢᠴᠠᠲ ᠢᠶᠡᠷ ᠢᠶᠡᠨ ᠰᠢᠭᠤᠳ ᠳᠦᠯᠦᠪᠦᠷᠢ ᠬᠢᠵᠤ ᠪᠤᠯᠤᠨ᠎ᠠ᠃ ᠰᠤᠮᠤᠨ ᠭᠠᠯᠳᠤ ᠨᠢ ᠬᠦᠮᠦᠰ ᠤᠨ ᠬᠡᠷ ᠲᠤ ᠪᠠᠨ ᠪᠤᠴᠠᠬᠤ ᠴᠠᠭ ᠢ ᠪᠤᠭᠤᠨᠢᠰᠬᠠᠭᠰᠠᠨ ᠪᠠᠶᠢᠨ᠎ᠠ᠃ ᠲᠤᠮᠳᠠᠳᠤ ᠤᠯᠤᠰ ᠤᠨ 《 ᠰᠤᠮᠤᠨ ᠭᠠᠯᠳᠤ᠂ ᠭᠠᠷ ᠤᠳᠠᠰᠤ ᠪᠡᠷ ᠲᠤᠭᠠᠴᠠᠭ᠎ᠠ ᠬᠢᠬᠦ᠂ ᠨᠡᠶᠢᠳᠡ ᠶᠢᠨ ᠲᠤᠭᠤᠢ᠂ ᠢᠨᠲ᠋ᠧᠷᠨᠧᠲ ᠢᠶᠡᠷ ᠬᠤᠳᠠᠯᠳᠤᠭᠠᠯᠠᠬᠤ》 ᠨᠢ 《 ᠰᠢᠨ᠎ᠡ ᠲᠦᠷᠪᠡᠨ ᠲᠤᠮᠤ ᠡᠬᠦᠳᠤᠯᠳᠡ》 ᠬᠡᠮᠡᠭᠳᠡᠵᠤ᠂ ᠡᠳᠡᠭᠡᠷ ᠲᠡᠭᠡᠳᠤ ᠰᠢᠨ᠎ᠡ ᠰᠢᠨᠵᠢᠯᠡᠬᠦ ᠤᠬᠠᠭᠠᠨ ᠲᠧᠭᠨᠤᠯᠤᠬᠢ ᠶᠢᠨ ᠲᠤᠯᠭᠠᠭᠤᠷᠢ ᠨᠢ ᠠᠷᠠᠳ ᠲᠦᠮᠡᠨ ᠤ ᠡᠳᠤᠷ ᠢᠷᠡᠬᠦᠶ᠎ᠡ ᠨᠡᠮᠡᠭᠳᠡᠵᠤ ᠪᠠᠶᠢᠭ᠎ᠠ ᠰᠠᠶᠢᠨ ᠰᠠᠶᠢᠬᠠᠨ ᠠᠮᠢᠳᠤᠷᠠᠯ ᠤᠨ ᠬᠡᠷᠡᠭᠴᠡᠬᠡ ᠶᠢ ᠠᠭᠠᠵᠢᠮ ᠢᠶᠡᠷ ᠬᠠᠩᠭ᠋ᠠᠵᠤ ᠪᠠᠶᠢᠨ᠎ᠠ᠃

ᠢᠷᠡᠯᠳᠡ᠄ ᠭᠤᠸᠠᠩᠮᠢᠩ ᠡᠳᠤᠷ ᠤᠨ ᠰᠤᠨᠢᠨ

“新四大发明”改变人民生活

今年的政府工作报告指出,把握世界新一轮科技革命和产业变革大势,深入实施创新驱动发展战略,不断增强经济创新力和竞争力。国家科技投入要向民生领域倾斜,加强雾霾治理、癌症等重大疾病防治攻关,使科技更好造福人民。

  2018年的春节,很多人都感到“回家的路”变得更加便捷、舒适了,不用去火车站排长队,通过手机APP就能购票,还能在微信上实现“接续换乘”和“高铁选座”。飞速的高铁不仅让回家时间缩短,更可以用“高铁订餐”预定沿途的风味美食。中国的“高铁、移动支付、共享单车、网购”被誉为“新四大发明”,有了这些高新科技的支撑,人民日益增长的美好生活需要正在逐渐得以满足。

Posted in ᠲᠠᠨ ᠤ ᠠᠩᠬᠠᠷᠤᠯ ᠳ᠋ᠤ|热点信息 and tagged .