ᠰᠤᠷᠪᠤᠯᠵᠢᠯᠠᠬᠴᠢ ᠶᠢᠨ ᠤᠶᠢᠯᠠᠭᠠᠭᠰᠠᠨ ᠢᠶᠡᠷ᠂ 3 ᠰᠠᠷ᠎ᠠ ᠶᠢᠨ 8 ᠤ ᠡᠳᠦᠷ ᠡᠴᠡ ᠡᠬᠢᠯᠡᠨ 《ᠪᠦᠰᠡ ᠨᠤᠲᠤᠭ ᠬᠢᠵᠠᠭᠠᠷᠯᠠᠬᠤ᠂ ᠵᠣᠷᠴᠢᠬᠴᠢᠳ ᠤᠨ ᠤᠷᠤᠰᠬᠠᠯ ᠢ ᠬᠢᠵᠠᠭᠠᠷᠯᠠᠬᠤ᠂ ᠴᠠᠭ ᠤᠨ ᠬᠡᠰᠡᠭᠯᠡᠯ ᠢᠶᠡᠷ ᠬᠢᠵᠠᠭᠠᠷᠯᠠᠬᠤ᠂ ᠠᠷᠭ᠎ᠠ ᠬᠡᠯᠪᠡᠷᠢ ᠪᠡᠷ ᠬᠢᠵᠠᠭᠠᠷᠯᠠᠬᠤ》ᠤᠷᠢᠳᠠᠯ ᠤᠨ ᠳᠤᠤᠷ᠎ᠠ ᠠᠭᠠᠵᠢᠮ ᠢᠶᠡᠷ ᠵᠢᠤ ᠵᠠᠢ ᠭᠧᠤ ᠶᠢᠨ ᠦᠵᠡᠮᠦᠷᠢ ᠶᠢᠨ ᠪᠦᠰᠡ ᠶᠢ ᠰᠡᠷᠭᠦᠬᠡᠨ ᠨᠡᠬᠡᠬᠡᠬᠦ ᠪᠦᠭᠡᠳ ᠲᠠᠰᠤᠯᠪᠤᠷᠢ ᠶᠢᠨ ᠬᠠᠩᠰᠢ ᠶᠢ ᠪᠠᠭᠤᠷᠠᠭᠤᠯᠬᠤ ᠪᠤᠯᠤᠨ᠎ᠠ᠃
ᠲᠠᠨᠢᠯᠴᠠᠭᠤᠯᠤᠭᠰᠠᠨ ᠢᠶᠡᠷ᠂ ᠰᠡᠷᠭᠦᠬᠡᠨ ᠨᠡᠭᠡᠭᠡᠭ᠍ᠰᠡᠨ ᠵᠢᠤ ᠵᠠᠢ ᠭᠧᠤ ᠶᠢᠨ ᠦᠵᠡᠮᠦᠷᠢ ᠶᠢᠨ ᠪᠦᠰᠡ ᠶᠢᠨ ᠵᠢᠭᠤᠯᠴᠢᠯᠠᠨ ᠰᠣᠨᠢᠷᠬᠠᠬᠤ ᠴᠠᠭ ᠢ ᠡᠳᠦᠷ ᠪᠦᠷᠢ ᠶᠢᠨ 08᠄ 00 ᠴᠠᠭ ᠡᠴᠡ 17᠄ 00 ᠴᠠᠭ ᠤᠨ ᠬᠤᠭᠤᠷᠤᠨᠳᠤ ᠲᠤᠬᠢᠷᠠᠭᠤᠯᠵᠤ᠂ ᠡᠳᠦᠷ ᠪᠦᠷᠢ ᠶᠢᠨ ᠬᠦᠯᠢᠶᠠᠨ ᠠᠪᠬᠤ ᠵᠣᠷᠴᠢᠬᠴᠢᠳ ᠢ 2000 ᠬᠦᠮᠦᠨ ᠬᠡᠲᠦᠷᠡᠭᠦᠯᠬᠦ ᠦᠭᠡᠢ ᠬᠢᠵᠠᠭᠠᠷᠯᠠᠬᠤ ᠪᠦᠬᠡᠳ ᠵᠦᠪᠬᠡᠨ ᠵᠢᠭᠤᠯᠴᠢᠯᠠᠯ ᠤᠨ ᠬᠤᠷᠢᠶᠠᠨ ᠤ ᠵᠣᠬᠢᠶᠠᠨ ᠪᠠᠶᠢᠭᠤᠯᠤᠭᠰᠠᠨ ᠪᠠᠭ ᠪᠦᠯᠬᠦᠮ ᠤᠨ ᠵᠢᠭᠤᠯᠴᠢᠳ ᠢ ᠬᠦᠯᠢᠶᠠᠨ ᠠᠪᠤᠨ᠎ᠠ᠃ ᠡᠬᠦᠨ ᠤ ᠵᠡᠷᠭᠡᠴᠡᠭᠡ᠂ ᠰᠡᠷᠭᠦᠬᠡᠨ ᠨᠡᠭᠡᠭᠡᠭ᠍ᠰᠡᠨ ᠵᠢᠤ ᠵᠠᠢ ᠭᠧᠤ ᠶᠢᠨ ᠦᠵᠡᠮᠦᠷᠢ ᠶᠢᠨ ᠪᠦᠰᠡ ᠶᠢᠨ ᠲᠠᠰᠤᠯᠪᠤᠷᠢ ᠶᠢ ᠢᠳᠡ ᠤᠯᠠᠷᠢᠯ ᠪᠤᠯᠤᠨ ᠬᠦᠭ᠍ᠵᠢᠬᠡᠨ ᠦᠬᠡᠢ ᠤᠯᠠᠷᠢᠯ ᠤᠨ ᠲᠠᠰᠤᠯᠪᠤᠷᠢ ᠬᠡᠮᠡᠨ ᠬᠤᠪᠢᠶᠠᠬᠤ ᠮᠦᠷᠲᠡᠬᠡᠨ ᠲᠠᠰᠤᠯᠪᠤᠷᠢ ᠬᠤᠳᠠᠯᠳᠤᠨ ᠠᠪᠬᠤ ᠳᠤ ᠤᠷᠢᠳᠴᠢᠯᠠᠨ ᠪᠤᠯᠵᠤᠬᠤ ᠴᠢᠬᠤᠯᠠᠲᠠᠢ᠃ ᠡᠬᠦᠨ ᠳᠤ ᠢᠳᠡ ᠤᠯᠠᠷᠢᠯ ᠤᠨ ᠲᠠᠰᠤᠯᠪᠤᠷᠢ 110 ᠲᠦᠭᠦᠷᠢᠭ᠌᠂ ᠬᠦᠭ᠍ᠵᠢᠬᠡᠨ ᠦᠬᠡᠢ ᠤᠯᠠᠷᠢᠯ ᠤᠨ ᠲᠠᠰᠤᠯᠪᠤᠷᠢ 40 ᠲᠦᠭᠦᠷᠢᠭ᠌᠃
ᠢᠷᠡᠯᠳᠡ᠄ ᠰᠢᠨᠬᠤᠧᠠ ᠨᠧᠲ