ᠦᠪᠤᠷ ᠮᠤᠩᠭᠤᠯ ᠤᠨ ᠬᠠᠩᠬᠢᠨ ᠬᠤᠰᠢᠭᠤᠨ ᠤ ᠪᠠᠶᠠᠨ ᠪᠤᠯᠠᠭ ᠭᠠᠴᠠᠭ᠎ᠠ ᠵᠢᠨ ᠬᠢᠨ···山羊换奶羊 换来好生活

ᠦᠪᠤᠷ ᠮᠤᠩᠭᠤᠯ ᠤᠨ ᠬᠠᠩᠬᠢᠨ ᠬᠤᠰᠢᠭᠤᠨ ᠤ ᠪᠠᠶᠠᠨ ᠪᠤᠯᠠᠭ ᠭᠠᠴᠠᠭ᠎ᠠ ᠵᠢᠨ ᠬᠢᠨ ᠢᠮᠠᠭ᠎ᠠ ᠪᠠᠷ ᠰᠠᠭᠠᠯᠢ ᠵᠢᠨ ᠢᠮᠠᠭ᠎ᠠ ᠰᠤᠯᠢᠵᠤ ᠠᠮᠢᠳᠤᠷᠠᠯ ᠵᠢᠡᠨ ᠰᠠᠢᠵᠢᠷᠠᠭᠤᠯᠵᠤ ᠪᠠᠢᠨ᠎ᠠ

《ᠦᠩᠭᠡᠷᠡᠭᠰᠡᠨ ᠳ᠋ᠥ ᠪᠤᠯ ᠢᠮᠠᠭ᠎ᠠ ᠲᠡᠵᠢᠭᠡᠨ᠎ᠠ ᠂ ᠤᠳᠤ ᠪᠤᠯ ᠰᠠᠭᠠᠯᠢ ᠵᠢᠨ ᠢᠮᠠᠭ᠎ᠠ ᠲᠡᠵᠢᠭᠡᠨ᠎ᠠ ᠃ ᠠᠳᠠᠯᠢᠬᠠᠨ ᠢᠮᠠᠭ᠎ᠠ ᠪᠠᠢᠬᠤ ᠳ᠋ᠥ ᠦᠷ᠎ᠡ ᠪᠦᠳᠤᠮᠵᠢ ᠨᠢ ᠬᠠᠷᠢᠨ ᠬᠤᠯᠠ ᠠᠳᠠᠯᠢ ᠦᠭᠡᠢ ᠪᠠᠢᠳᠠᠭ 》 ᠭᠡᠵᠤ ᠦᠪᠤᠷ ᠮᠤᠩᠭᠤᠯ  ᠤᠨ ᠦᠪᠡᠷᠳᠡᠭᠡᠨ ᠵᠠᠰᠠᠬᠤ ᠤᠷᠤᠨ ᠤ ᠬᠠᠩᠬᠢᠨ ᠬᠤᠰᠢᠭᠤᠨ ᠤ ᠪᠠᠶᠠᠨ ᠪᠤᠯᠠᠭ ᠭᠠᠴᠠᠭ᠎ᠠ ᠵᠢᠨ ᠨᠠᠮ  ᠤᠨ ᠡᠬᠥᠷ  ᠤᠨ ᠱᠦᠵᠢ ᠡᠷᠳᠡᠨᠢᠪᠠᠭᠠᠳᠤᠷ ᠬᠡᠯᠡᠨ᠎ᠠ ᠃ ᠮᠠᠨᠠᠢᠬᠢᠨ ᠤ ᠠᠮᠢ ᠠᠬᠤᠢ ᠲᠦᠢᠯ ᠦᠨ ᠬᠡᠪᠡᠷᠡᠭ ᠪᠤᠯᠬᠤᠷ ᠢᠮᠠᠭ᠎ᠠ ᠬᠠᠷᠢᠭᠤᠯᠵᠤ ᠲᠠᠢᠯᠬᠥ  ᠦᠭᠡᠢ ᠂ ᠬᠠᠷᠢᠨ ᠰᠠᠭᠠᠯᠢ ᠵᠢᠨ ᠢᠮᠠᠭ᠎ᠠ ᠲᠡᠵᠢᠭᠡᠬᠥ ᠨᠢ ᠤᠯᠠᠨ ᠢ ᠬᠠᠪᠰᠤᠷᠤᠨ ᠶᠠᠳᠠᠭᠤ ᠡᠴᠠ ᠠᠩᠬᠢᠵᠢᠷᠠᠭᠤᠯᠤᠨ ᠪᠠᠶᠠᠵᠢᠭᠤᠯᠵᠤ ᠴᠢᠳᠠᠬᠤ ᠪᠠᠷ ᠪᠠᠷᠠᠬᠤ ᠦᠭᠡᠢ ᠲᠤᠬᠠᠢ ᠵᠢᠨ ᠭᠠᠵᠠᠷ ᠤᠨ ᠠᠮᠢ ᠠᠬᠤᠢ ᠵᠢ ᠴᠦ ᠪᠦᠳᠤᠮᠵᠢᠳᠠᠢ ᠬᠠᠮᠠᠭᠠᠯᠠᠵᠤ ᠴᠢᠳᠠᠨ᠎ᠠ ᠂ ᠡᠨᠡ ᠪᠤᠯ ᠦᠨᠡᠭᠡᠷ ᠨᠢᠭᠡ ᠯᠡ ᠲᠡᠭᠡᠷ᠎ᠡ ᠤᠯᠠᠨ ᠶᠠᠪᠤᠳᠠᠯ ᠢ ᠪᠦᠳᠤᠭᠡᠬᠥ ᠰᠠᠢᠨ ᠠᠷᠭ᠎ᠠ ᠮᠦᠨ ᠭᠡᠵᠤ ᠡᠷᠳᠡᠨᠢᠪᠠᠭᠠᠳᠤᠷ ᠢᠳᠡᠭᠡᠯ ᠲᠡᠬᠥᠯᠳᠡᠷ ᠵᠢᠡᠷ ᠰᠤᠷᠪᠤᠯᠵᠢᠯᠠᠭᠴᠢ ᠳ᠋ᠥ ᠬᠡᠯᠡᠨ᠎ᠠ ᠃

ᠤᠷᠳᠤᠰ ᠤᠨ ᠦᠨᠳᠦᠷᠯᠢᠭ ᠦᠨ ᠲᠠᠷᠢᠶᠠᠨ ᠭᠤᠤᠯ ᠤᠷᠤᠨ ᠳ᠋ᠥ ᠪᠠᠢᠭ᠎ᠠ ᠪᠠᠶᠠᠨ ᠪᠤᠯᠠᠭ ᠭᠠᠴᠠᠭ᠎ᠠ ᠪᠤᠯ ᠭᠤᠤ ᠭᠠᠩᠭ᠎ᠠ ᠲᠠᠢ ᠲᠤᠪᠤᠷᠬᠠᠭ ᠭᠠᠵᠠᠷ ᠪᠦᠭᠡᠳ ᠡᠯᠡᠰᠤᠷᠭᠡᠭ ᠤᠷᠤᠨ ᠪᠤᠯᠬᠤ ᠶᠤᠮ ᠂ ᠵᠢᠯ ᠲᠤᠷᠰᠢ ᠭᠠᠩ ᠬᠠᠭᠤᠷᠠᠢ ᠪᠠᠢᠬᠤ ᠵᠢᠨ ᠬᠠᠷᠠᠭ᠎ᠠ  ᠪᠡᠷ ᠠᠮᠢ ᠠᠬᠤᠢ ᠵᠢᠨ ᠤᠷᠴᠢᠨ ᠨᠦᠬᠥᠴᠡᠯ ᠨᠢ ᠲᠦᠢᠯ ᠦᠨ ᠬᠡᠪᠡᠷᠡᠭ ᠪᠠᠢᠵᠤ ᠂ ᠠᠮᠢ ᠠᠬᠤᠢ ᠵᠢ ᠵᠠᠰᠠᠬᠤ ᠡᠬᠥᠷᠭᠡ ᠲᠦᠢᠯ ᠦᠨ ᠪᠠᠴᠢᠮ ᠲᠤᠯᠭᠠᠮ᠎ᠠ ᠪᠦᠭᠡᠳ ᠬᠥᠨᠳᠤ ᠨᠦᠰᠡᠷ ᠪᠠᠢᠳᠠᠭ ᠃ ᠪᠠᠶᠠᠨ ᠪᠤᠯᠠᠭ ᠭᠠᠴᠠᠭ᠎ᠠ ᠪᠤᠯ ᠬᠠᠩᠬᠢᠨ ᠬᠤᠰᠢᠭᠤᠨ  ᠤ 17 ᠶᠠᠳᠠᠭᠤ ᠬᠥᠴᠢᠷᠳᠠᠯᠳᠠᠢ ᠭᠠᠴᠠᠭᠠᠨ ᠤ ᠨᠢᠭᠡ ᠨᠢ ᠮᠦᠨ ᠃ 2016 ᠤᠨ ᠤ 6 ᠰᠠᠷ᠎ᠠ ᠳ᠋ᠥ ᠂ ᠲᠤᠰ ᠭᠠᠴᠠᠭ᠎ᠠ ᠵᠢᠴᠢ ᠡᠷᠬᠢᠨ ᠲᠤᠭᠤᠷᠢᠨ ᠤ ᠠᠢᠯ ᠲᠤᠰᠬᠤᠨ ᠨᠢ ᠤᠯᠠᠷᠢᠯ ᠤᠨ ᠴᠢᠨᠠᠷᠳᠠᠢ ᠮᠠᠯᠵᠢᠬᠤ ᠵᠢ ᠵᠤᠭᠰᠤᠭᠠᠬᠤ ᠤᠷᠤᠨ ᠪᠠᠢᠭᠰᠠᠨ ᠡᠴᠠ ᠵᠢᠯ ᠲᠤᠷᠰᠢ ᠮᠠᠯᠵᠢᠬᠤ ᠵᠢ ᠴᠠᠭᠠᠵᠠᠯᠠᠬᠤ ᠤᠷᠤᠨ ᠪᠤᠯᠵᠤ ᠬᠤᠪᠢᠷᠠᠵᠠᠢ ᠃

ᠦᠶ᠎ᠡ ᠵᠢᠨ ᠦᠶ᠎ᠡ ᠳ᠋ᠡᠭᠡᠨ ᠬᠤᠨᠢ ᠮᠠᠯ ᠬᠠᠷᠢᠭᠤᠯᠵᠤ ᠠᠮᠢᠳᠤᠷᠠᠵᠤ ᠪᠠᠢᠭ᠎ᠠ ᠮᠠᠯᠴᠢᠳ ᠢ ᠮᠠᠯᠵᠢᠭᠤᠯᠬᠤ ᠦᠭᠡᠢ ᠪᠤᠯᠭᠠᠪᠠᠯ ᠲᠡᠳᠡ ᠬᠡᠷᠬᠢᠨ ᠠᠮᠢᠳᠤᠷᠠᠬᠤ ᠪᠢᠯᠡ ︖ ᠢᠩᠬᠢᠭᠰᠡᠨ ᠵᠢᠡᠷ ᠮᠠᠯᠴᠢᠳ ᠨᠢ ᠮᠠᠯᠵᠢᠬᠤ ᠵᠢ ᠵᠤᠭᠰᠤᠭᠠᠬᠤ ᠳ᠋ᠥ ᠬᠢᠨᠠᠯᠳᠠ ᠲᠠᠯᠪᠢᠬᠤ ᠡᠯ᠎ᠠ ᠱᠠᠳᠤᠨ ᠤ ᠠᠵᠢᠯᠳᠠᠳ ᠲᠠᠢ 《ᠨᠢᠭᠤᠯᠴᠠᠭ᠎ᠠ 》 ᠬᠢᠵᠤ ᠡᠬᠢᠯᠡᠭᠰᠡᠨ ᠪᠠᠢᠨ᠎ᠠ ᠂ ᠴᠢ ᠢᠷᠡᠪᠡᠯ ᠪᠢ ᠶᠠᠪᠤᠨ᠎ᠠ ᠂ ᠡᠳᠤᠷ ᠮᠠᠯᠵᠢᠭᠤᠯᠬᠤ ᠦᠭᠡᠢ ᠪᠤᠯ ᠰᠦᠨᠢ ᠰᠡᠮᠡᠭᠡᠷ ᠮᠠᠯᠵᠢᠨ᠎ᠠ ᠃ ᠡᠬᠥᠨ ᠳ᠋ᠥ ᠬᠢᠨᠠᠯᠳᠠ ᠲᠠᠯᠪᠢᠬᠤ ᠠᠵᠢᠯᠳᠠᠳ ᠴᠤ ᠠᠷᠭ᠎ᠠ ᠮᠤᠬᠤᠷᠳᠠᠨ ᠶᠠᠭᠠᠬᠢᠬᠤ  ᠪᠠᠨ ᠤᠯᠬᠤ ᠦᠭᠡᠢ ᠪᠠᠢᠪᠠ ᠃ ᠪᠠᠭ᠎ᠠ ᠡᠴᠠ ᠪᠠᠨ ᠡᠨᠡ ᠨᠤᠳᠤᠭ ᠲᠤ ᠲᠦᠷᠤᠵᠤ ᠦᠰᠦᠭᠰᠡᠨ ᠡᠷᠳᠡᠨᠢᠪᠠᠭᠠᠳᠤᠷ  ᠴᠦ ᠠᠷᠭ᠎ᠠ  ᠪᠠᠨ ᠪᠠᠷᠠᠨ᠎ᠠ ᠃ ᠨᠢᠭᠡ ᠡᠳᠤᠷ ᠂ ᠲᠡᠷᠡ ᠤᠷᠳᠤᠰ ᠬᠤᠳᠠ ᠵᠢᠨ ᠬᠢᠶ᠎ᠡ ᠪᠠᠭᠰᠢ ᠲᠤᠭᠤᠷᠢᠭ ᠲᠣ ᠢᠮᠠᠭᠠᠨ ᠰᠦ᠋ ᠵᠢ ᠵᠢᠩ ᠳ᠋ᠡᠭᠡᠨ 12ᠲᠦᠬᠥᠷᠢᠭ ᠵᠢᠡᠷ ᠬᠤᠳᠠᠯᠳᠤᠵᠤ ᠪᠠᠢᠬᠤ ᠵᠢ ᠤᠯᠵᠤ ᠦᠵᠡᠭᠰᠡᠨ ᠪᠦᠭᠡᠳ ᠪᠤᠷᠤᠯᠠᠭᠤᠯᠭ᠎ᠠ ᠮᠠᠰᠢ ᠰᠠᠢᠨ ᠪᠠᠢᠬᠤ ᠵᠢ ᠤᠯᠵᠤ ᠮᠡᠳᠡᠵᠠᠢ ᠃ ᠲᠡᠷᠡ ᠡᠬᠥᠨ ᠢ ᠦᠵᠡᠭᠡᠳ ᠭᠠᠴᠠᠭᠠᠨ ᠤ ᠮᠠᠯᠴᠢᠳ ᠵᠢᠡᠷ ᠰᠠᠭᠠᠯᠢ ᠵᠢᠨ ᠢᠮᠠᠭ᠎ᠠ ᠲᠡᠵᠢᠭᠡᠯᠭᠡᠬᠥ ᠪᠤᠳᠤᠯ ᠤᠷᠤᠵᠠᠢ ᠃ ᠲᠡᠷᠡ ᠵᠢᠯ ᠤᠨ ᠨᠠᠮᠤᠷ ᠡᠴᠠ ᠡᠬᠢᠯᠡᠨ ᠂ ᠲᠡᠳᠡ ᠱᠠᠨᠰᠢ ᠮᠤᠵᠢ ᠵᠢᠨ ᠹᠦ ᠫᠢᠩ ᠰᠢᠶᠠᠨ ᠡᠴᠠ ᠤᠷᠢᠳ ᠬᠤᠵᠢᠳ 172 ᠰᠠᠭᠠᠯᠢ ᠵᠢᠨ ᠢᠮᠠᠭ᠎ᠠ ᠤᠷᠤᠭᠤᠯᠤᠨ ᠠᠪᠴᠢᠷᠠᠵᠤ ᠂ 《ᠲᠤᠰᠬᠤᠨ ᠤ ᠬᠠᠮᠳᠤ + ᠬᠤᠷᠰᠢᠶ᠎ᠠ + ᠲᠡᠷᠢᠶᠠᠴᠢᠨ ᠡᠷᠤᠭᠡ 》 ᠵᠢᠨ ᠡᠵᠡᠩᠨᠡᠯᠳᠡ ᠵᠢᠨ ᠵᠠᠭᠪᠤᠷ ᠵᠢᠡᠷ ᠡᠬᠢᠯᠡᠵᠤ ᠠᠵᠢᠯᠯᠠᠭᠰᠠᠨ ᠪᠠᠢᠨ᠎ᠠ ᠃

ᠡᠷᠳᠡᠨᠢᠪᠠᠭᠠᠳᠤᠷ ᠰᠤᠷᠪᠤᠯᠵᠢᠯᠠᠭᠴᠢ ᠳ᠋ᠥ ᠨᠠᠷᠢᠨ ᠲᠡᠩᠰᠠ ᠪᠤᠳᠤᠵᠤ ᠦᠭᠴᠠᠢ ᠄ 200 ᠢᠮᠠᠭ᠎ᠠ ᠬᠠᠷᠢᠭᠤᠯᠬᠤ ᠳ᠋ᠥ ᠬᠤᠶᠠᠷ ᠬᠥᠮᠤᠨ ᠬᠡᠷᠡᠭᠰᠡᠬᠥ ᠳ᠋ᠥ ᠠᠳᠠᠯᠢ ᠲᠤᠭᠠᠨ ᠤ ᠰᠠᠭᠠᠯᠢ ᠵᠢᠨ ᠢᠮᠠᠭ᠎ᠠ ᠲᠡᠵᠢᠭᠡᠬᠥ ᠳ᠋ᠥ ᠨᠢᠭᠡ ᠬᠥᠮᠤᠨ ᠪᠠᠢᠪᠠᠯ ᠬᠥᠷᠴᠢᠭᠡᠨ᠎ᠠ ᠃ ᠲᠡᠷᠡ ᠬᠡᠯᠡᠬᠥ ᠳ᠋ᠡᠭᠡᠨ ᠂ ᠪᠠᠶᠠᠨ ᠪᠤᠯᠠᠭ ᠭᠠᠴᠠᠭ᠎ᠠ ᠵᠢᠨ ᠰᠠᠭᠠᠯᠢ ᠵᠢᠨ ᠢᠮᠠᠭ᠎ᠠ ᠵᠢᠨ ᠵᠦᠢᠯᠡᠰ ᠢ ᠪᠠᠢᠭᠤᠯᠤᠨ ᠪᠦᠳᠤᠭᠡᠭᠰᠡᠨ  ᠤ ᠲᠠᠷᠠᠭ᠎ᠠ ᠂ ᠰᠠᠭᠠᠯᠢ ᠵᠢᠨ ᠢᠮᠠᠭ᠎ᠠ ᠵᠢ 2 ᠲᠦᠮᠡ ᠲᠡᠵᠢᠭᠡᠵᠤ ᠪᠤᠯᠤᠨ᠎ᠠ ᠂ ᠡᠬᠥᠨ ᠳ᠋ᠥ ᠰᠦ᠋ ᠰᠠᠭᠠᠬᠤ ᠢᠮᠠᠭ᠎ᠠ 1 ᠲᠦᠮᠡ ᠪᠠᠢᠨ᠎ᠠ ᠃ ᠰᠦ᠋ ᠰᠠᠭᠠᠬᠤ ᠢᠮᠠᠭ᠎ᠠ ᠪᠦᠷᠢ ᠵᠢᠨ ᠴᠡᠪᠡᠷ ᠤᠷᠤᠯᠭ᠎ᠠ ᠵᠢ ᠪᠠᠭ᠎ᠠ ᠳ᠋ᠠᠭᠠᠨ 1000 ᠲᠦᠬᠥᠷᠢᠭ ᠵᠢᠡᠷ ᠪᠤᠳᠤᠪᠠᠯ ᠂ ᠵᠢᠯ ᠤᠨ ᠤᠷᠤᠯᠭ᠎ᠠ ᠨᠢ 1000 ᠲᠦᠮᠡᠨ ᠲᠦᠬᠥᠷᠢᠭ ᠬᠥᠷᠴᠤ ᠪᠤᠯᠤᠨ᠎ᠠ ᠃ ᠡᠬᠥᠨ ᠦ ᠲᠡᠭᠡᠷ᠎ᠡ ᠪᠤᠰᠤᠳ ᠤᠷᠤᠯᠭ᠎ᠠ ᠵᠢ ᠨᠡᠮᠡᠪᠡᠯ ᠵᠢᠯ ᠤᠨ ᠪᠦᠬᠥ ᠤᠷᠤᠯᠭ᠎ᠠ ᠨᠢ 1270 ᠲᠦᠮᠡᠨ ᠲᠦᠬᠥᠷᠢᠭ ᠬᠥᠷᠴᠤ ᠪᠤᠯᠤᠨ᠎ᠠ ᠭᠡᠵᠠᠢ ᠃ ᠦᠢᠯᠠᠭᠠᠭᠰᠠᠨ ᠵᠢᠡᠷ ᠂ 30% ᠵᠢᠨ ᠲᠤᠰᠬᠤᠨ ᠤ ᠬᠠᠮᠳᠤ ᠵᠢᠨ ᠬᠥᠭᠵᠢᠯᠳᠡ ᠵᠢᠨ ᠰᠠᠭᠤᠷᠢ ᠮᠦᠩᠬᠥ ᠵᠢ ᠰᠠᠭᠤᠯᠭᠠᠨ ᠠᠪᠤᠭᠰᠠᠨ ᠤ ᠲᠠᠷᠠᠭ᠎ᠠ ᠂ ᠦᠯᠡᠳᠡᠭᠰᠡᠨ ᠤᠷᠤᠯᠭ᠎ᠠ ᠵᠢ ᠲᠤᠰᠬᠤᠨ ᠤ ᠬᠠᠮᠳᠤ ᠂ ᠬᠤᠷᠰᠢᠶ᠎ᠠ ᠂ ᠲᠠᠷᠢᠶᠠᠴᠢᠨ ᠡᠷᠤᠭᠡ 3᠄ 3᠄ 4 ᠵᠢᠨ ᠬᠠᠷᠢᠴᠠᠯ ᠵᠢᠡᠷ ᠬᠤᠪᠢᠶᠠᠷᠢᠯᠠᠨ᠎ᠠ ᠃

ᠡᠢᠮᠤ ᠤᠯᠠᠨ ᠢᠮᠠᠭ᠎ᠠ ᠵᠢ ᠲᠡᠵᠢᠭᠡᠬᠥ ᠳ᠋ᠥ ᠬᠠᠮᠢᠭ᠎ᠠ ᠡᠴᠠ ᠲᠡᠢᠮᠤ ᠤᠯᠠᠨ ᠡᠪᠡᠰᠤ ᠪᠤᠷᠳᠤᠭ᠎ᠠ ᠤᠯᠬᠤ ᠪᠤᠢ ︖ᠰᠤᠷᠪᠤᠯᠵᠢᠯᠠᠭᠴᠢ ᠳ᠋ᠥ ᠮᠠᠯᠴᠢᠳ ᠬᠡᠯᠡᠬᠥ ᠳ᠋ᠡᠭᠡᠨ ᠂ ᠮᠠᠨᠠᠢᠬᠢᠨ ᠤᠳᠤ ᠢᠵᠢ ᠪᠦᠷᠢᠨ ᠲᠤᠨᠤᠭ ᠲᠦᠬᠥᠭᠡᠷᠤᠮᠵᠢ  ᠲᠠᠢ 1500 ᠮᠤ ᠨᠢᠭᠡ ᠲᠤᠤᠷ᠎ᠠ ᠲᠦᠪᠯᠡᠷᠡᠭᠰᠡᠨ ᠡᠪᠡᠰᠤ ᠪᠤᠷᠳᠤᠭ᠎ᠠ ᠵᠢᠨ ᠰᠠᠭᠤᠷᠢᠨ ᠭᠠᠵᠠᠷ ᠲᠠᠢ ᠂ ᠡᠬᠥᠨ ᠳ᠋ᠥ ᠪᠤᠷᠤ ᠴᠠᠷᠭᠠᠰᠤ ᠵᠢ 800 ᠮᠤ ᠲᠡᠷᠢᠵᠤ ᠂ ᠲᠡᠵᠢᠭᠡᠯ ᠡᠪᠡᠰᠤ ᠵᠢ 700 ᠮᠤ ᠲᠡᠷᠢᠭᠰᠠᠨ ᠪᠤᠯᠬᠤᠷ ᠡᠪᠡᠰᠤ ᠪᠤᠷᠳᠤᠭ᠎ᠠ ᠵᠢᠨ ᠬᠡᠷᠡᠭᠴᠡᠭᠡ ᠵᠢ ᠪᠦᠷᠢᠮᠤᠰᠤᠨ ᠬᠠᠩᠭᠠᠵᠤ ᠴᠢᠳᠠᠨ᠎ᠠ ᠭᠡᠵᠠᠢ ᠃

ᠭᠠᠴᠠᠭᠠᠨ ᠤ ᠵᠦᠪᠯᠡᠯ ᠡᠴᠠ ᠲᠡᠮᠡᠢ ᠬᠤᠯᠠ ᠦᠭᠡᠢ ᠭᠠᠵᠠᠷ  ᠲᠤ ᠲᠤᠭᠤᠰᠬᠠᠨ ᠬᠡᠷᠡᠮ ᠂ ᠲᠡᠮᠤᠷ ᠲᠤᠤᠷ ᠂ ᠲᠡᠮᠤᠷ ᠰᠡᠷᠡᠪᠴᠢ ᠂ ᠤᠰᠤᠯᠠᠬᠤ ᠲᠠᠳᠠᠭᠠᠯ ᠵᠡᠷᠭᠡ ᠪᠡᠷ ᠪᠦᠷᠢᠯᠳᠦᠭᠰᠡᠨ ᠤᠳᠤᠬᠢᠴᠢᠯᠠᠭᠰᠠᠨ ᠬᠤᠨᠢᠨ ᠬᠠᠰᠢᠶ᠎ᠠ ᠵᠢ ᠨᠢᠭᠡᠨᠳᠡ ᠠᠰᠢᠭᠯᠠᠯᠳᠠ ᠳ᠋ᠥ ᠤᠷᠤᠭᠤᠯᠤᠭᠰᠠᠨ ᠢ ᠰᠤᠷᠪᠤᠯᠵᠢᠯᠠᠭᠴᠢ ᠤᠯᠵᠤ ᠬᠠᠷᠠᠵᠠᠢ ᠃ ᠤᠳᠤᠬᠢᠴᠢᠯᠠᠭᠰᠠᠨ ᠴᠠᠭᠠᠨ ᠢᠳᠡᠭᠡᠨ ᠪᠤᠯᠪᠠᠰᠤᠷᠠᠭᠤᠯᠬᠤ ᠭᠠᠵᠠᠷ  ᠨᠢ ᠬᠥᠮᠤᠨ ᠤ ᠠᠩᠬᠠᠷᠤᠯ ᠢ ᠲᠠᠳᠠᠨ᠎ᠠ ᠂ ᠪᠤᠯᠪᠠᠰᠤᠷᠠᠭᠤᠯᠤᠭᠰᠠᠨ ᠰᠦ᠋᠂ ᠠᠢᠷᠠᠭ ᠂ ᠦᠷᠤᠮ᠎ᠠ ᠵᠡᠷᠭᠡ  ᠨᠢ ᠪᠤᠷᠤᠯᠠᠭᠤᠯᠭ᠎ᠠ ᠰᠠᠢᠳᠠᠢ ᠪᠠᠢᠨ᠎ᠠ ᠃ ᠠᠰᠢᠭᠯᠠᠯᠳᠠ ᠳ᠋ᠥ ᠤᠷᠤᠭᠤᠯᠤᠭᠰᠠᠨ ᠬᠥᠢᠳᠡᠨ ᠬᠥᠮᠤᠷᠭᠡ ᠂ ᠡᠪᠡᠰᠤ ᠪᠤᠷᠳᠤᠭᠠᠨ ᠤ ᠰᠠᠷᠠᠪᠴᠢ ᠂ ᠵᠤᠭᠤᠷᠢ ᠵᠡᠷᠭᠡ  ᠨᠢ ᠡᠨᠳᠡ ᠲᠡᠨᠳᠡ ᠬᠠᠷᠠᠭᠳᠠᠨ᠎ᠠ ᠃

ᠵᠢᠯ ᠭᠠᠷᠤᠢ ᠵᠢᠨ ᠬᠤᠭᠤᠴᠠᠭᠠᠨ ᠳ᠋ᠥ ᠂ ᠪᠠᠶᠠᠨ ᠪᠤᠯᠠᠭ ᠭᠠᠴᠠᠭ᠎ᠠ ᠵᠢᠨ ᠮᠠᠯᠴᠢᠳ ᠨᠢᠭᠡᠨᠳᠡ ᠰᠡᠵᠢᠭ ᠡᠷᠡᠭᠡᠯᠵᠡᠭᠡ  ᠪᠠᠨ ᠬᠠᠶᠠᠭᠠᠳ ᠬᠤᠢᠨ᠎ᠠ ᠬᠤᠢᠨ᠎ᠠ ᠡᠴᠠ ᠪᠠᠨ ᠰᠠᠭᠠᠯᠢ ᠵᠢᠨ ᠢᠮᠠᠭ᠎ᠠ ᠲᠡᠵᠢᠭᠡᠬᠥ ᠳ᠋ᠥ ᠤᠷᠤᠯᠴᠠᠭᠰᠠᠨ ᠪᠠᠢᠨ᠎ᠠ ᠃ ᠮᠠᠯᠴᠢᠳ ᠬᠡᠯᠡᠬᠥ ᠳᠡᠭᠡᠨ ᠂ ᠢᠩᠬᠢᠵᠤ ᠬᠥᠭᠵᠢᠪᠡᠯ ᠦᠶ᠎ᠡ ᠵᠢᠨ ᠦᠶ᠎ᠡ ᠳ᠋ᠡᠭᠡᠨ ᠬᠥᠰᠡᠭᠡᠳ ᠢᠷᠡᠭᠰᠡᠨ ᠨᠤᠭᠤᠭᠠᠨ ᠭᠡᠷ ᠤᠷᠤᠨ  ᠤ ᠬᠥᠰᠡᠯ ᠯᠠᠪᠳᠠᠢ ᠪᠡᠶᠡᠯᠡᠭᠳᠡᠬᠥ ᠶᠤᠮ ᠭᠡᠵᠠᠢ ᠃ ᠲᠤᠮᠳᠠᠳᠤ ᠤᠯᠤᠰ ᠤᠨ ᠡᠪ ᠬᠠᠮᠳᠤ ᠨᠠᠮ ᠤᠨ ᠲᠠᠷᠢᠶᠠᠨ ᠭᠤᠤᠯ ᠤᠨ ᠠᠵᠢᠯ ᠤᠨ ᠬᠤᠷᠢᠶ᠎ᠠ ᠵᠢᠨ ᠲᠡᠳ᠋ ᠱᠦᠵᠢ ᠸᠠᠩ ᠬᠠᠢ ᠷᠦᠩ ᠰᠤᠷᠪᠤᠯᠵᠢᠯᠠᠭᠴᠢ ᠳ᠋ᠥ ᠬᠡᠯᠡᠬᠥ ᠳ᠋ᠡᠭᠡᠨ ᠂ ᠰᠠᠭᠠᠯᠢ ᠵᠢᠨ ᠢᠮᠠᠭ᠎ᠠ ᠲᠡᠵᠢᠭᠡᠬᠥ ᠵᠦᠢᠯᠡᠰ ᠢ ᠤᠷᠳᠤᠰ ᠬᠤᠳᠠ ᠪᠤᠯᠤᠨ ᠬᠠᠩᠬᠢᠨ ᠬᠤᠰᠢᠭᠤᠨ ᠤ ᠡᠯ᠎ᠠ ᠲᠠᠯ᠎ᠠ ᠵᠢᠨ ᠬᠢᠨ ᠶᠡᠭᠡ ᠪᠡᠷ ᠲᠡᠮᠵᠢᠭᠰᠡᠭᠡᠷ ᠢᠷᠡᠵᠠᠢ ᠂ ᠲᠡᠳᠡ ᠡᠷᠴᠢᠮ ᠵᠢᠡᠨ ᠤᠯᠠᠮ ᠨᠢᠭᠡ ᠠᠯᠬᠤᠮ ᠴᠢᠩᠭᠠᠷᠠᠭᠤᠯᠤᠨ ᠡᠯ᠎ᠠ ᠵᠦᠢᠯ ᠦᠨ ᠲᠦᠯᠤᠪᠵᠢᠬᠥᠯᠭᠡ ᠵᠢ ᠵᠦᠢᠯᠡᠰ ᠲᠠᠷᠠᠭᠠᠯᠠᠨ ᠨᠠᠢᠳᠠᠪᠤᠷᠢᠵᠢᠭᠤᠯᠵᠤ ᠂ ᠡᠬᠥᠳᠦᠭᠰᠡᠨ ᠦᠷ᠎ᠠ ᠠᠰᠢᠭ ᠢ ᠲᠤᠬᠠᠢ ᠵᠢᠨ ᠭᠠᠵᠠᠷ ᠤᠨ ᠦᠨᠳᠤᠰᠤᠳᠡᠨ ᠨᠤᠬᠥᠳ ᠤᠨ ᠠᠷᠠᠳ ᠲᠦᠮᠡᠨ ᠳ᠋ᠥ ᠲᠠᠰᠤᠷᠠᠯᠳᠠ ᠦᠭᠡᠢ ᠤᠯᠭᠤᠨ᠎ᠠ ᠭᠡᠵᠠᠢ ᠃

ᠢᠷᠡᠯᠲᠡ ᠄ ᠠᠷᠠᠳ ᠤᠨ ᠰᠦᠯᠵᠢᠶ᠎ᠡ

山羊换奶羊 换来好生活

  “过去养山羊,现在养奶羊。同是一群羊,效果大不同。”说这话的是内蒙古自治区杭锦旗巴音布拉格嘎查党支部书记额定巴特尔。凛冽的寒风里,这位42岁的蒙古族汉子满怀信心地告诉记者,我们这个地方生态太脆弱,需要放养的山羊养不起,而圈养的奶山羊既能帮助大家脱贫致富,还能有效地保护当地的一草一木等,真是一举多得!

  巴音布拉格嘎查位于鄂尔多斯高原的塔然高勒地区,是典型的丘陵沟壑及沙漠化地区,常年干旱少雨,生态环境极为脆弱,生态治理的任务极其紧迫而繁重。巴音布拉格嘎查是杭锦旗17个贫困嘎查村之一。2016年6月,该嘎查及周边村庄由季节性休牧变为全年禁牧。

  祖祖辈辈驱牛牧羊,不让放羊怎么过?于是,牧民们同各级监督休牧的工作人员打起了“游击战”,你来我走,白天不让放、晚上偷着放。这让监督人员一筹莫展、颇为无奈。自幼生长在这片土地上的额定巴特尔非常迷茫。有一天,他在鄂尔多斯市康巴什区看到有人卖现挤的山羊奶,12块钱一斤,供不应求。何不让自己嘎查里的牧民们也养奶山羊?自那年秋天开始,他们从陕西省富平县陆续引进172只奶山羊,“村集体+合作社+农户”的经营模式开始建立……

  额定巴特尔给记者算了一笔账: 放养200只山羊需要两个劳动力,而饲养相同数量的奶山羊却只需要一个劳动力。他说,等到巴音布拉格嘎查奶山羊项目建成后,可饲养奶山羊2万只,其中产奶羊1万只。每只产奶羊按保守纯利润1000元计算,年收入可达1000万元,再加上其它,年收入总计可达1270万元。据悉,扣除30%村集体发展基金后,剩下的由村集体、合作社、农户按3∶3∶4比例分成。

  饲养这么多羊,可有足够的饲料?牧民们告诉记者,该嘎查现有配套设施完善的连片饲草料基地1500亩,其中种植紫花苜蓿800亩,草料700亩,完全能满足养殖的饲草料需求。

  在嘎查委员会的不远处,记者看到由砖墙、铁丝网、彩钢瓦顶、饮水池等组成的一排排现代化羊圈已在使用。一个现代化奶食品加工车间令人眼前一亮,由其加工出来的鲜奶、酸奶、奶皮子等产品销售火爆。建好的冷冻冷藏库、储草棚、青储窖等散落在附近……

  一年多过去了,巴音布拉格嘎查的许多牧民已经抛弃了先前的种种疑虑,纷纷加入到饲养奶山羊的行列中来。许多牧民都说,这样下去,祖祖辈辈的绿色家园梦一定能够实现。塔然高勒党工委副书记王海荣告诉记者,饲养奶山羊项目一直得到鄂尔多斯市及杭锦旗各方面的大力支持,他们将进一步加大力度,把各项规划逐项落实,让所产生的效益源源不断地惠及当地各族百姓。

Posted in ᠤᠷᠤᠨ ᠨᠤᠲᠤᠭ |农牧信息, 未分类 and tagged .