ᠰᠤᠳᠤᠯᠬᠤ ᠰᠤᠷᠤᠭᠴᠢ ᠵᠢᠨ ᠵᠢᠯᠤᠭᠤᠳᠤᠭᠴᠢ ᠪᠠᠭᠰᠢ ᠪᠠᠭᠰᠢ ᠵᠢᠨ ··· 教育部明确研究生导师违反师德“一票否决”

ᠰᠤᠳᠤᠯᠬᠤ ᠰᠤᠷᠤᠭᠴᠢ ᠵᠢᠨ ᠵᠢᠯᠤᠭᠤᠳᠤᠭᠴᠢ ᠪᠠᠭᠰᠢ ᠪᠠᠭᠰᠢ ᠵᠢᠨ ᠶᠤᠰᠤ ᠮᠤᠷᠠᠯ ᠡᠴᠠ ᠵᠦᠷᠢᠴᠡᠪᠡᠯ 《 ᠨᠢᠭᠡ ᠯᠡ ᠫᠢᠶᠤᠤ ᠪᠠᠷ ᠦᠭᠡᠢᠰᠭᠡᠨ᠎ᠡ 》 ᠭᠡᠵᠤ ᠰᠤᠷᠭᠠᠨ ᠬᠥᠮᠤᠵᠢᠯ ᠤᠨ ᠶᠠᠮᠤᠨ ᠲᠤᠳᠤᠷᠬᠠᠢ ᠲᠤᠭᠳᠠᠭᠠᠪᠠ

ᠰᠤᠷᠪᠤᠯᠵᠢᠯᠠᠭᠴᠢ ᠦᠢᠷ᠎ᠠ ᠳ᠋ᠥ ᠰᠤᠷᠭᠠᠨ ᠬᠥᠮᠤᠵᠢᠯ ᠤᠨ ᠶᠠᠮᠤᠨ ᠡᠴᠠ ᠦᠢᠯᠠᠭᠠᠭᠰᠠᠨ ᠨᠢ ᠄ ᠰᠤᠷᠭᠠᠨ ᠬᠥᠮᠤᠵᠢᠯ  ᠤᠨ ᠶᠠᠮᠤᠨ ᠲᠦᠷᠤᠬᠥᠭᠡᠨ 《ᠰᠤᠳᠤᠯᠬᠤ ᠰᠤᠷᠤᠭᠴᠢ ᠵᠢᠨ ᠵᠢᠯᠤᠭᠤᠳᠤᠭᠴᠢ ᠪᠠᠭᠰᠢ ᠵᠢᠨ ᠶᠤᠰᠤ ᠮᠤᠷᠠᠯ ᠲᠠᠢ ᠬᠥᠮᠤᠨ ᠢ ᠬᠥᠮᠤᠵᠢᠬᠥᠯᠬᠥ ᠲᠤᠰᠢᠶᠠᠯ ᠬᠠᠷᠢᠭᠤᠴᠠᠯᠭ᠎ᠠ ᠵᠢ ᠪᠦᠬᠥ ᠲᠠᠯ᠎ᠠ ᠪᠠᠷ ᠨᠠᠢᠳᠠᠪᠤᠷᠢᠵᠢᠭᠤᠯᠬᠤ ᠲᠤᠬᠠᠢ ᠰᠠᠨᠠᠯ 》 ᠢ ᠲᠠᠷᠤᠮᠠᠯᠯᠠᠨ ᠲᠠᠷᠬᠠᠭᠠᠵᠤ ᠂ ᠬᠥᠰᠡᠯᠡᠩ ᠢᠳᠡᠭᠡᠯ ᠵᠤᠷᠢᠭ ᠲᠠᠢ ᠂ ᠶᠤᠰᠤ ᠮᠤᠷᠠᠯ ᠦᠵᠡᠯ ᠰᠠᠳᠬᠢᠯᠭᠡ ᠲᠠᠢ ᠂ ᠬᠥᠨ ᠵᠤᠵᠠᠭᠠᠨ ᠡᠷᠳᠡᠮ ᠮᠡᠳᠡᠯᠭᠡ ᠲᠡᠢ ᠂ ᠦᠷᠤᠰᠢᠶᠡᠯ ᠬᠠᠢᠷ᠎ᠠ ᠲᠠᠢ ᠰᠤᠳᠤᠯᠬᠤ ᠰᠤᠷᠤᠭᠴᠢ ᠵᠢᠨ ᠵᠢᠯᠤᠭᠤᠳᠤᠭᠴᠢ ᠪᠠᠭᠰᠢ ᠵᠢᠨ ᠡᠩᠨᠡᠭᠡ ᠵᠢ ᠴᠢᠷᠮᠠᠢᠨ ᠪᠤᠢ ᠪᠤᠯᠭᠠᠬᠤ ᠬᠡᠷᠡᠭᠳᠠᠢ ᠭᠡᠵᠤ ᠱᠠᠭᠠᠷᠳᠠᠪᠠ ᠃

《ᠰᠠᠨᠠᠯ 》 ᠳ᠋ᠥ ᠂ ᠰᠤᠳᠤᠯᠬᠤ ᠰᠤᠷᠤᠭᠴᠢ ᠵᠢᠨ ᠵᠢᠯᠤᠭᠤᠳᠤᠭᠴᠢ ᠪᠠᠭᠰᠢ ᠵᠢ ᠦᠨᠡᠯᠡᠵᠤ ᠤᠷᠮᠠᠰᠢᠭᠤᠯᠬᠤ ᠲᠤᠭᠳᠠᠴᠠ ᠵᠢ ᠪᠦᠷᠢᠨᠰᠢᠬᠥᠯᠤᠨ᠎ᠠ ᠃ ᠦᠨᠡᠯᠡᠵᠤ ᠬᠢᠨᠠᠨ ᠰᠢᠯᠭᠠᠬᠤ ᠲᠤᠭᠳᠠᠴᠠ ᠵᠢ ᠲᠡᠬᠥᠯᠳᠡᠷᠵᠢᠬᠥᠯᠤᠨ ᠂ ᠶᠤᠰᠤ ᠮᠤᠷᠠᠯ  ᠲᠠᠢ ᠬᠥᠮᠤᠨ ᠬᠥᠮᠤᠵᠢᠬᠥᠯᠬᠥ ᠵᠢ ᠵᠢᠭᠠᠨ ᠰᠤᠷᠭᠠᠯᠳᠠ ᠵᠢ ᠦᠨᠡᠯᠡᠨ ᠵᠢᠱᠢᠬᠥ ᠪᠠ ᠰᠢᠨᠵᠢᠯᠡᠭᠡᠨ ᠦ ᠰᠠᠯᠠᠭ᠎ᠠ ᠵᠢ ᠦᠨᠡᠯᠡᠨ ᠵᠢᠱᠢᠬᠥ ᠬᠥᠢᠴᠡᠳᠬᠡᠬᠥ ᠲᠤᠭ᠎ᠠ ᠵᠢᠨ ᠰᠢᠰᠲ᠋ᠧᠮ ᠳ᠋ᠥ ᠤᠷᠤᠭᠤᠯᠤᠨ᠎ᠠ ᠃ ᠰᠠᠢᠰᠢᠶᠠᠨ ᠱᠠᠩᠨᠠᠬᠤ ᠲᠤᠭᠳᠠᠴᠠ ᠵᠢ ᠲᠤᠳᠤᠷᠬᠠᠢ ᠲᠤᠭᠳᠠᠭᠠᠨ ᠂ ᠰᠤᠳᠤᠯᠬᠤ ᠰᠤᠷᠤᠭᠴᠢ ᠬᠥᠮᠤᠵᠢᠬᠥᠯᠬᠥ ᠨᠢᠭᠡᠴᠡ ᠨᠤᠬᠥᠳ ᠰᠤᠳᠤᠯᠬᠤ ᠰᠤᠷᠤᠭᠴᠢ ᠵᠢᠨ ᠵᠢᠯᠤᠭᠤᠳᠤᠭᠴᠢ ᠪᠠᠭᠰᠢ ᠵᠢᠨ ᠶᠤᠰᠤ ᠮᠤᠷᠠᠯ  ᠢ ᠪᠤᠢ ᠪᠤᠯᠭᠠᠵᠤ ᠬᠥᠮᠤᠨ ᠢ ᠬᠥᠮᠤᠵᠢᠬᠥᠯᠬᠥ ᠵᠢ ᠦᠨᠡᠯᠡᠵᠤ ᠬᠢᠨᠠᠨ ᠰᠢᠯᠭᠠᠭᠰᠠᠨ ᠦᠷ᠎ᠡ ᠳ᠋ᠦᠩ  ᠢ ᠴᠢᠳᠠᠪᠤᠷᠢᠳᠠᠨ  ᠢ ᠤᠷᠤᠭᠤᠯᠤᠨ ᠠᠪᠴᠢᠷᠠᠬᠤ ᠂ ᠮᠡᠷᠭᠡᠵᠢᠯ ᠦᠨ ᠴᠤᠯᠠ ᠵᠢ ᠬᠢᠨᠠᠨ ᠲᠤᠭᠳᠠᠭᠠᠬᠤ ᠂ ᠲᠤᠰᠢᠶᠠᠯ ᠤᠨ ᠲᠡᠰ ᠢ ᠲᠡᠪᠰᠢᠬᠥᠯᠬᠥ᠂ ᠠᠵᠢᠯ  ᠤᠨ ᠠᠮᠵᠢᠯᠳᠠ ᠪᠦᠳᠤᠮᠵᠢ ᠵᠢ ᠬᠤᠪᠢᠶᠠᠷᠢᠯᠠᠬᠤ ᠂ ᠰᠢᠯᠢᠳᠡᠭ ᠪᠠ ᠲᠡᠷᠢᠬᠥᠨ ᠦ ᠬᠢ ᠵᠢ ᠰᠢᠯᠭᠠᠷᠠᠭᠤᠯᠬᠤ ᠵᠢᠨ ᠴᠢᠬᠤᠯᠠ ᠦᠨᠳᠤᠰᠤᠯᠡᠯ ᠪᠤᠯᠭᠠᠬᠤ ᠬᠡᠷᠡᠭᠳᠠᠢ ᠃ ᠬᠢᠨᠠᠨ ᠵᠢᠯᠤᠭᠤᠳᠴᠤ ᠪᠠᠢᠴᠠᠭᠠᠬᠤ ᠲᠤᠭᠳᠠᠴᠠ ᠵᠢ ᠨᠠᠢᠳᠠᠪᠤᠷᠢᠵᠢᠭᠤᠯᠤᠨ ᠂ ᠶᠤᠰᠤ ᠮᠤᠷᠠᠯ ᠢ ᠪᠤᠢ ᠪᠤᠯᠭᠠᠵᠤ ᠬᠥᠮᠤᠨ ᠢ ᠬᠥᠮᠤᠵᠢᠬᠥᠯᠬᠥ ᠲᠤᠰᠢᠶᠠᠯ ᠬᠠᠷᠢᠭᠤᠴᠠᠯᠭ᠎ᠠ ᠪᠠᠨ ᠬᠥᠢᠴᠡᠳᠭᠡᠭᠰᠡᠨ ᠦᠭᠡᠢ ᠰᠤᠳᠤᠯᠬᠤ ᠰᠤᠷᠤᠭᠴᠢ ᠵᠢᠨ ᠵᠢᠯᠤᠭᠤᠳᠤᠭᠴᠢ ᠪᠠᠭᠰᠢ ᠳ᠋ᠥ ᠪᠤᠯ ᠂ ᠰᠤᠳᠤᠯᠬᠤ ᠰᠤᠷᠤᠭᠴᠢ ᠬᠥᠮᠤᠵᠢᠬᠥᠯᠬᠥ ᠨᠢᠭᠡᠴᠡ ᠡᠴᠠ ᠪᠠᠢᠳᠠᠯ  ᠢ  ᠨᠢ ᠦᠵᠡᠵᠤ ᠪᠠᠢᠭᠠᠳ ᠪᠤᠯᠵᠤᠨ ᠶᠠᠷᠢᠯᠴᠠᠬᠤ ᠂ ᠰᠤᠷᠤᠭᠴᠢ ᠲᠠᠭᠠᠭᠤᠯᠬᠤ ᠵᠢ ᠨᠢ ᠬᠢᠵᠠᠭᠠᠷᠯᠠᠬᠤ ᠂ ᠰᠤᠷᠤᠭᠴᠢ ᠲᠠᠭᠠᠭᠤᠯᠬᠤ ᠵᠢ ᠨᠢ ᠵᠤᠭᠰᠤᠭᠠᠬᠤ ᠂ ᠵᠢᠯᠤᠭᠤᠳᠤᠭᠴᠢ ᠪᠠᠭᠰᠢ ᠵᠢᠨ ᠬᠢᠷᠢ ᠭᠡᠮ ᠢ ᠨᠢ ᠬᠠᠰᠤᠬᠤ ᠵᠡᠷᠭᠡ ᠰᠢᠳᠪᠤᠷᠢᠯᠡᠬᠥ ᠠᠷᠭ᠎ᠠ ᠬᠡᠮᠵᠢᠶ᠎ᠠ ᠠᠪᠤᠨ᠎ᠠ ︔ ᠪᠠᠭᠰᠢ ᠵᠢᠨ ᠶᠤᠰᠤ ᠮᠤᠷᠠᠯ ᠡᠴᠠ ᠵᠦᠷᠢᠴᠡᠭᠰᠡᠨ ᠦᠢᠯᠡ ᠠᠵᠢᠯᠯᠠᠭ᠎ᠠ ᠲᠠᠢ ᠪᠠᠢᠪᠠᠯ ᠂ ᠨᠢᠭᠡ ᠯᠡ ᠫᠢᠶᠤᠤ ᠪᠠᠷ ᠦᠭᠡᠢᠰᠭᠡᠬᠥ ᠪᠦᠭᠡᠳ ᠬᠠᠤᠯᠢ ᠴᠠᠭᠠᠵᠠ ᠲᠦᠷᠢᠮ ᠲᠤᠭᠳᠠᠭᠠᠯ ᠶᠤᠰᠤᠭᠠᠷ ᠰᠢᠳᠪᠤᠷᠢᠯᠠᠨ᠎ᠠ ᠭᠡᠵᠤ ᠵᠢᠭᠠᠵᠤ ᠭᠠᠷᠭᠠᠪᠠ ᠃

ᠢᠷᠡᠯᠲᠡ ᠄ ᠠᠷᠠᠳ ᠤᠨ ᠰᠦᠯᠵᠢᠶ᠎ᠡ

教育部明确研究生导师违反师德“一票否决”

记者近日从教育部获悉:教育部日前印发《关于全面落实研究生导师立德树人职责的意见》,要求努力造就一支有理想信念、道德情操、扎实学识、仁爱之心的研究生导师队伍。

  
  《意见》指出,健全研究生导师评价激励机制。完善评价考核机制,把立德树人纳入教学评估和学科评估指标体系。明确表彰奖励机制,研究生培养单位要将研究生导师立德树人评价考核结果,作为人才引进、职称评定、职务晋升、绩效分配、评优评先的重要依据。落实督导检查机制,对于未能履行立德树人职责的研究生导师,研究生培养单位视情况采取约谈、限招、停招、取消导师资格等处理措施;对有违反师德行为的,实行一票否决,并依法依规给予相应处理。

  

Posted in ᠰᠤᠷᠭᠠᠨ ᠬᠦᠮᠦᠵᠢᠯ ᠪᠤᠯᠪᠠᠰᠤᠷᠠᠯ|教育培训 and tagged .