ᠤᠯᠠᠮᠵᠢᠯᠠᠯᠳᠤ ᠴᠠᠭᠠᠨ ᠰᠠᠷ᠎ᠠ ᠶᠢᠨ ᠲᠠᠪᠠᠭ ᠢᠳᠡᠭᠡᠨ ᠦ ᠰᠤᠶᠤᠯ传统春节“伊德”文化

ᠰᠥᠨᠢᠳ ᠪᠠᠷᠠᠭᠤᠨ ᠬᠤᠰᠢᠭᠤᠨ ᠤ ᠤᠯᠠᠮᠵᠢᠯᠠᠯᠳᠤ ᠴᠠᠭᠠᠨ ᠰᠠᠷ᠎ᠠ ᠶᠢᠨ ᠲᠠᠪᠠᠭ ᠢᠳᠡᠭᠡᠨ ᠦ ᠰᠤᠶᠤᠯ

ᠣᠢᠷ᠎ᠠ ᠶᠢᠨ ᠡᠳᠥᠷ᠂ ᠦᠪᠦᠷ ᠮᠤᠩᠭ᠋ᠤᠯ ᠤᠨ ᠰᠢᠯᠢ ᠶᠢᠨ ᠭᠤᠤᠯ ᠠᠢᠮᠠᠭ ᠤᠨ ᠰᠥᠨᠢᠳ ᠪᠠᠷᠠᠭᠤᠨ ᠬᠤᠰᠢᠭᠤᠨ ᠤ ᠥᠨᠳᠥᠰᠥᠳᠡᠨ ᠱᠠᠰᠢᠨ ᠰᠤᠷᠳᠠᠬᠤᠨ ᠤ ᠬᠡᠷᠡᠭ ᠡᠷᠬᠢᠯᠡᠬᠥ ᠲᠤᠪᠴᠢᠶ᠎ᠠ ᠭᠤᠤᠯᠯᠠᠨ ᠡᠷᠬᠢᠯᠡᠵᠥ᠂ ᠬᠤᠰᠢᠭᠤ ᠵᠠᠡᠭ ᠥᠢᠯᠡ ᠵᠢᠨ ᠨᠡᠢᠭᠡᠮᠯᠢᠭ ᠡᠴᠠ ᠬᠠᠮᠵᠢᠯᠴᠠᠨ ᠡᠷᠬᠢᠯᠡᠭᠰᠡᠨ 《 ᠪᠥᠬᠥ ᠬᠤᠰᠢᠭᠤᠨ ᠤ ᠤᠯᠠᠮᠵᠢᠯᠠᠯᠳᠤ ᠴᠠᠭᠠᠨ ᠰᠠᠷ᠎ᠠ ᠵᠢᠨ ᠲᠠᠪᠠᠭ ᠢᠳᠡᠭᠡᠨ ᠦ ᠲᠡᠯᠭᠡᠨ ᠪᠤᠷᠤᠯᠠᠭᠤᠯᠤᠯᠳᠠ ᠵᠢᠴᠢ ᠠᠳᠠᠯᠢᠳᠬᠠᠨ ᠰᠢᠯᠭᠠᠷᠠᠭᠤᠯᠤᠯᠳᠠ 》 ᠲᠡᠭᠥᠰ ᠠᠮᠵᠢᠯᠳᠠ ᠲᠠᠢ ᠶᠠᠪᠤᠭᠳᠠᠵᠠᠢ᠃
ᠮᠤᠩᠭ᠋ᠤᠯ  ᠬᠥᠮᠥᠨ ᠶᠠᠮᠠᠷ ᠶᠠᠭᠤᠮᠠᠨ ᠳ᠋ᠤ ᠴᠤ ᠥᠯᠵᠡᠢ ᠪᠡᠯᠭᠡ ᠶᠢ ᠲᠡᠭᠡᠳᠥᠯᠡᠨ ᠡᠷᠬᠢᠮᠯᠡᠵᠥ᠂ ᠠᠯᠢᠪᠠ ᠰᠠᠢᠨ ᠰᠠᠢᠬᠠᠨ ᠢ ᠬᠥᠰᠡᠨ ᠲᠠᠭᠠᠳᠬᠠᠵᠤ ᠪᠠᠢᠳᠠᠭ᠃ ᠤᠯᠠᠮᠵᠢᠯᠠᠯᠳᠤ ᠲᠠᠪᠠᠭ ᠢᠳᠡᠭᠡᠨ ᠨᠢ ᠴᠦ ᠮᠤᠩᠭ᠋ᠤᠯᠴᠤᠳ ᠤᠨ ᠪᠠᠶᠠᠷ ᠨᠠᠢᠷ᠂ ᠲᠤᠷᠠᠰᠬᠠᠨ ᠲᠡᠮᠳᠡᠭᠯᠡᠬᠥ ᠪᠡᠯᠭᠡᠳᠥ ᠠᠵᠢᠯᠯᠠᠭ᠎ᠠ ᠳ᠋ᠤ ᠲᠤᠳᠠᠭᠳᠠᠵᠤ ᠪᠤᠯᠤᠰᠢ ᠥᠭᠡᠢ ᠰᠤᠶᠤᠯ ᠤᠨ ᠠᠭᠤᠯᠬᠤᠨ ᠢᠶᠠᠷ ᠲᠤᠳᠤᠷᠠᠵᠤ ᠪᠠᠢᠳᠠᠭ᠃ ᠥᠪᠥᠷ ᠮᠤᠩᠭ᠋ᠤᠯ ᠤᠨ ᠰᠢᠯᠢ ᠶᠢᠨ ᠭᠤᠤᠯ ᠠᠢᠮᠠᠭ ᠤᠨ ᠰᠥᠨᠢᠳ ᠪᠠᠷᠠᠭᠤᠨ ᠬᠤᠰᠢᠭᠤ ᠥᠨᠳᠥᠰᠥᠳᠡᠨ ᠦ ᠰᠤᠶᠤᠯ ᠢ ᠠᠪᠤᠷᠠᠨ ᠬᠠᠮᠠᠭᠠᠯᠠᠵᠤ ᠬᠥᠭᠵᠢᠬᠥᠯᠬᠥ ᠬᠥᠴᠥᠯᠡᠴᠡ ᠪᠡᠨ ᠴᠢᠩᠭᠠᠳᠬᠠᠵᠤ᠂ ᠤᠯᠠᠨ ᠲᠥᠷᠥᠯ ᠦᠨ ᠤᠳᠬ᠎ᠠ ᠠᠭᠤᠯᠭ᠎ᠠ ᠪᠥᠬᠥᠢ ᠰᠤᠶᠤᠯ ᠤᠨ ᠠᠵᠢᠯᠯᠠᠭ᠎ᠠ ᠶᠢ ᠵᠢᠯ ᠲᠠᠷᠠᠭᠠᠯᠠᠨ ᠵᠤᠬᠢᠶᠠᠨ ᠪᠠᠢᠭᠤᠯᠬᠤ ᠶᠢᠨ ᠬᠠᠮᠳᠤ ᠮᠠᠯ ᠤᠨ ᠠᠰᠢᠭ ᠰᠢᠮ᠎ᠡ ᠶᠢ ᠲᠠᠧᠠᠷᠴᠢᠯᠡᠨ ᠪᠤᠷᠤᠯᠠᠭᠤᠯᠬᠤ᠂ ᠵᠠᠬ᠎ᠠ ᠲᠡᠯᠭᠡᠭᠥᠷ ᠲᠦ ᠮᠠᠯᠴᠢᠳ ᠢ ᠤᠯᠠᠮ ᠤᠢᠷᠠᠳᠤᠭᠤᠯᠵᠤ ᠤᠷᠤᠯᠭ᠎ᠠ ᠶᠢ ᠨᠡᠮᠡᠭᠳᠡᠬᠥᠯᠬᠥ ᠤᠯᠠᠨ ᠲᠠᠯᠠᠴᠢ ᠬᠠᠷᠠᠭᠠᠰᠤ ᠡᠴᠠ ᠤᠷᠢᠳ ᠬᠤᠵᠢᠳ ᠭᠤᠷᠪᠠᠨ ᠵᠢᠯ ᠵᠠᠯᠭᠠᠪᠠᠷ ᠴᠠᠭᠠᠨ ᠰᠠᠷ᠎ᠠ ᠶᠢᠨ ᠢᠳᠡᠭᠡ ᠲᠠᠪᠠᠭ ᠤᠨ ᠲᠡᠯᠭᠡᠨ ᠪᠤᠷᠤᠯᠠᠭᠤᠯᠤᠯᠳᠠ ᠵᠢᠴᠢ ᠠᠳᠠᠯᠢᠳᠬᠠᠨ ᠰᠢᠯᠭᠠᠷᠠᠭᠤᠯᠤᠯᠳᠠ ᠶᠢ ᠶᠠᠪᠤᠭᠳᠠᠭᠤᠯᠵᠤ ᠪᠠᠢᠳᠠᠭ ᠶᠤᠮ᠃

 

苏尼特右旗传统春节“伊德”比赛

2月8日,内蒙古锡林郭勒盟苏尼特右旗举办了传统“伊德”比赛。
蒙古族在春节、各种节日或者祭祀敖包时都会摆上各种样式的“伊德”,以此象征生活的富裕和美好。为更好地传承和发扬这一传统民俗,同时也为牧民群众开辟增收渠道,进行了此次“伊德”比赛。

Posted in ᠰᠤᠶᠤᠯ ᠤᠷᠠᠯᠢᠭ |文化信息 and tagged .