ᠦᠪᠦᠷ ᠮᠤᠩᠭᠤᠯ ᠤᠨ ᠨᠠᠶᠢᠷ ᠬᠠᠮᠳᠤᠯᠢᠭ ᠷᠤᠮᠠᠨᠢᠶ᠎ᠠ ᠳᠤ ᠳᠤᠭᠯᠠᠵᠠᠢ内蒙古奈热乐队在罗马尼亚奏响“欢乐春节”序曲

ᠦᠪᠦᠷ ᠮᠤᠩᠭᠤᠯ ᠤᠨ ᠨᠠᠶᠢᠷ ᠬᠠᠮᠳᠤᠯᠢᠭ ᠷᠤᠮᠠᠨᠢᠶ᠎ᠠ ᠳᠤ ᠳᠤᠭᠯᠠᠵᠠᠢ

ᠰᠢᠨᠬᠤᠧᠠ ᠬᠤᠷᠢᠶ᠎ᠠ ᠪᠦᠺᠡᠷᠧᠰᠲ ᠤᠨ 2 ᠰᠠᠷ᠎ᠠ ᠶᠢᠨ 10 ᠤ ᠡᠳᠦᠷ ᠤᠨ ᠴᠠᠬᠢᠯᠭᠠᠨ ᠮᠡᠳᠡᠬᠡ ᠦᠪᠦᠷ ᠮᠤᠩᠭᠤᠯ ᠤᠨ ᠨᠠᠶᠢᠷ ᠬᠠᠮᠳᠤᠯᠢᠭ 10 ᠤ ᠤᠷᠤᠢ ᠷᠤᠮᠠᠨᠢᠶ᠎ᠠ ᠶᠢᠨ ᠨᠡᠶᠢᠰᠯᠡᠯ ᠪᠦᠺᠡᠷᠧᠰᠲ ᠲᠡᠬᠢ ᠠᠲ᠋ᠧᠨ᠎ᠠ ᠳᠠᠭᠤᠤ ᠬᠦᠭᠵᠢᠮ ᠤᠨ ᠳᠠᠩᠬᠢᠮ ᠳᠤ《ᠪᠠᠶᠠᠰᠬᠤᠯᠠᠩᠳᠤ ᠴᠠᠭᠠᠨ ᠰᠠᠷ᠎ᠠ》ᠬᠡᠮᠡᠬᠦ ᠳᠤᠭᠯᠠᠯᠳᠠ ᠪᠡᠨ ᠰᠤᠨᠢᠷᠬᠠᠭᠤᠯᠤᠯ᠎ᠠ᠃ ᠳᠤᠰ ᠤᠷᠤᠢ᠂ ᠨᠠᠶᠢᠷ ᠬᠠᠮᠳᠤᠯᠢᠭ ᠤᠨ ᠬᠢᠨ ᠤ ᠢᠵᠠᠭᠤᠷ ᠤᠷᠠᠯᠢᠭ ᠬᠢᠬᠡᠳ ᠤᠳᠤᠬᠢᠴᠢᠯᠠᠭᠰᠠᠨ ᠤᠷᠠᠯᠢᠭ ᠢ ᠤᠶᠠᠯᠳᠤᠭᠤᠯᠤᠭᠰᠠᠨ ᠳᠤᠭᠯᠠᠯᠳᠠ ᠨᠢ ᠳᠤᠮᠳᠠᠳᠤ ᠤᠯᠤᠰ ᠤᠨ ᠮᠤᠩᠭᠤᠯ ᠦᠨᠳᠦᠰᠦᠳᠡᠨ ᠤ ᠠᠷᠠᠳ ᠳᠦᠮᠡᠨ ᠤ ᠤᠷ᠎ᠠ ᠠᠪᠢᠶᠠᠰ᠂ ᠰᠤᠳᠤᠨ ᠰᠤᠶᠤᠯ ᠢ ᠭᠠᠶᠢᠬᠠᠭᠤᠯᠵᠠᠢ᠃ ᠤᠶᠠᠩᠭᠠᠯᠢᠭ ᠢᠷᠠᠭᠤ ᠠᠶᠠᠰ᠂ ᠳᠡᠭᠷᠢᠯᠢᠭ ᠬᠦᠬᠡᠮᠡᠢ ᠨᠢ ᠳᠠᠩᠬᠢᠮ ᠳᠤ ᠬᠤᠷᠠᠭᠰᠠᠨ ᠤᠯᠠᠨ ᠢ ᠰᠤᠭᠳᠤᠭᠤᠷᠠᠭᠤᠯᠤᠯ᠎ᠠ᠃

《ᠪᠠᠶᠠᠷᠯᠠᠵᠤ ᠳᠤᠭᠳᠤᠯᠤᠭᠰᠠᠨ ᠰᠡᠳᠬᠢᠯ ᠢ ᠦᠬᠡ ᠬᠡᠯᠡ ᠪᠡᠷ ᠢᠯᠡᠳᠬᠡᠬᠦ ᠶᠢᠨ ᠠᠷᠭ᠎ᠠ ᠦᠬᠡᠢ ᠪᠠᠶᠢᠨ᠎ᠠ᠂ ᠷᠤᠮᠠᠨᠢᠶ᠎ᠠ ᠶᠢᠨ ᠦᠵᠡᠭᠴᠢᠳ ᠮᠠᠰᠢ ᠬᠠᠯᠠᠭᠤᠮᠰᠤᠭ᠂ ᠡᠬᠦᠨ ᠢ ᠪᠢᠳᠡ ᠮᠡᠳᠡᠷᠡᠭᠰᠡᠨ》ᠬᠡᠵᠤ ᠬᠠᠮᠳᠤᠯᠢᠭ ᠤᠨ ᠭᠤᠤᠯ ᠳᠠᠭᠤᠴᠢᠨ ᠡᠩᠬᠡ ᠰᠢᠨᠬᠤᠧᠠ ᠬᠤᠷᠢᠶᠠᠨ ᠤ ᠰᠤᠷᠪᠤᠯᠵᠢᠯᠠᠭᠴᠢ ᠳᠤ ᠶᠠᠷᠢᠯ᠎ᠠ᠃

ᠷᠤᠮᠠᠨᠢᠶ᠎ᠠ ᠶᠢᠨ ᠳᠡᠳ᠋ ᠶᠡᠷᠦᠩᠬᠡᠢ ᠰᠠᠶᠢᠳ ᠪᠢᠷᠴᠠᠶᠢᠯ ᠳᠤᠭᠯᠠᠯᠳᠠ ᠡᠴᠡ ᠡᠮᠦᠨᠡᠬᠡᠨ ᠷᠤᠮᠠᠨᠢᠶ᠎ᠠ ᠶᠢᠨ ᠵᠠᠰᠠᠭ ᠤᠨ ᠭᠠᠵᠠᠷ ᠤᠨ ᠨᠡᠷ᠎ᠡ ᠶᠢᠨ ᠡᠮᠦᠨ᠎ᠡ ᠡᠴᠡ ᠳᠤᠮᠳᠠᠳᠤ ᠶᠢᠨ ᠢᠷᠬᠡᠳ ᠲᠤ ᠰᠠᠷ᠎ᠠ ᠰᠢᠨ᠎ᠡ ᠶᠢᠨ ᠮᠡᠨᠳᠦᠴᠢᠯᠡᠬᠡ ᠪᠤᠯᠤᠨ ᠢᠷᠦᠬᠡᠯ ᠵᠦᠩᠨᠡᠯ ᠢᠶᠡᠨ ᠳᠡᠪᠰᠢᠬᠦᠯᠦᠭᠰᠡᠨ ᠶᠤᠮ᠃ ᠳᠤᠮᠳᠠᠳᠤ ᠤᠯᠤᠰ ᠡᠴᠡ ᠷᠤᠮᠠᠨᠢᠶ᠎ᠠ ᠳᠤ ᠰᠠᠭᠤᠭ᠎ᠠ ᠡᠯᠴᠢᠨ ᠰᠠᠶᠢᠳ ᠤᠨ ᠶᠠᠮᠤᠨ ᠤ ᠡᠯᠴᠢᠨ ᠰᠢᠤᠢ ᠹᠧᠢ ᠬᠤᠩ ᠦᠬᠡ ᠬᠡᠯᠡᠬᠦ ᠳ᠋ᠡᠬᠡᠨ᠂ ᠬᠤᠶᠠᠷ ᠳᠠᠯ᠎ᠠ ᠪᠡᠷ ᠢᠶᠡᠨ ᠬᠠᠷᠢᠯᠴᠠᠭ᠎ᠠ ᠤᠶᠠᠯᠳᠤᠭ᠎ᠠ ᠪᠡᠨ ᠡᠷᠴᠢᠮᠵᠢᠬᠦᠯᠵᠤ᠂ ᠢᠷᠬᠡᠳ ᠤᠨ ᠰᠠᠨᠠᠭᠠᠨ ᠤ ᠰᠠᠭᠤᠷᠢ ᠶᠢ ᠪᠠᠳᠤᠳᠬᠠᠨ ᠳᠤᠮᠳᠠᠳᠤ ᠷᠤᠮᠠᠨᠢᠶ᠎ᠠ ᠶᠢᠨ ᠬᠠᠷᠢᠯᠴᠠᠭᠠᠨ ᠤ ᠰᠢᠨ᠎ᠡ ᠪᠠᠶᠢᠳᠠᠯ ᠢ ᠪᠤᠢ ᠪᠤᠯᠭᠠᠬᠤ ᠶᠢ ᠬᠦᠰᠡᠵᠤ ᠪᠤᠢ ᠬᠡᠵᠡᠢ᠃

ᠢᠷᠡᠯᠳᠡ᠄ ᠰᠢᠨᠬᠤᠧᠠ ᠬᠤᠷᠢᠶ᠎ᠠ

内蒙古奈热乐队在罗马尼亚奏响“欢乐春节”序曲

新华社布加勒斯特2月10日电 内蒙古奈热乐队10日晚在罗马尼亚首都布加勒斯特登上雅典娜音乐厅舞台,奏响“欢乐春节”序曲。

当晚,“奈热”乐队原生态音乐同现代音乐编曲相结合的表演,展现了中国蒙古族人民的才艺和多彩文化,让现场观众沉浸于热情豪迈和婉转悠扬的曲调中,而独特的“呼麦”唱法震撼了全场。

罗马尼亚副总理伯查尔代表罗政府在演出前向中国人民拜年,表示春节象征平安祥和,祝愿罗中两国在新的一年国泰民安,同时也希望两国在经贸、投资、人文等各领域合作不断深化,全面友好合作伙伴关系取得更多具体成果。罗政府对开展同中方的友好对话与合作持积极开放态度,愿一如既往支持两国各领域交流与合作,增进两国人民友谊。

中国驻罗大使徐飞洪致辞说,希望双方今后加强交流对接,促进民心相通,进一步夯实双边关系民意基础,努力开创中罗关系新局面。

Posted in ᠰᠤᠶᠤᠯ ᠤᠷᠠᠯᠢᠭ |文化信息 and tagged .